ᠡᠷ᠎ᠡ ᠬᠦᠮᠦᠨ - ᠳᠣᠷᠵᠢᠬᠠᠨᠳᠤEr khün - Dorjkhand Эр хүн - Доржханд
ᠡᠷ᠎ᠡ ᠬᠥᠮᠦᠨ
ᠦᠭᠡ᠄ ᠴ᠂ ᠴᠣᠯᠮᠣᠨ
ᠠᠶ᠎ᠠ᠄ ᠴ᠂ ᠳᠠᠰᠢᠵᠡᠪᠡᠭ
ᠳᠠᠭᠤᠴᠢᠨ᠄ ᠳᠣᠷᠵᠢᠨᠬᠠᠳᠤ
ᠲᠣᠮᠣᠭ᠎ᠠ ᠦᠭᠡᠢ ᠪᠠᠭ᠎ᠠ ᠨᠠᠰᠤᠨ ᠠ᠋ᠴᠠ ᠪᠠᠨ ᠮᠣᠷᠢᠨ ᠳᠡᠯ ᠳᠡᠭᠡᠷ᠎ᠡ ᠥᠰᠦᠭᠰᠡᠨ
ᠲᠣᠭᠣᠨᠣᠲᠤ ᠭᠡᠷ ᠦ᠋ᠨ ᠰᠢᠲᠦᠭᠡᠨ ᠮᠣᠩᠭᠣᠯ ᠡᠷᠡᠴᠦᠳ ᠪᠠᠢᠳᠠᠭ ᠳ᠋ᠠ
ᠲᠣᠰᠤᠭᠠᠳ ᠤᠭᠲᠤᠬᠤ ᠡᠵᠢ ᠳ᠋ᠡᠭᠡᠨ ᠨᠢᠯᠬ᠎ᠠ ᠬᠦᠦ ᠨᠢ ᠪᠠᠢᠪᠠᠴᠤ
ᠲᠦᠮᠡᠨ ᠦ᠌ ᠳᠤᠮᠳᠠ ᠲᠠ ᠮᠢᠨᠢ ᠲᠡᠷᠢᠭᠦᠨ ᠥᠨᠳᠥᠷ ᠡᠷ᠎ᠡ ᠬᠥᠮᠦᠨ ᠪᠢᠯᠡ
ᠵᠢᠷᠦᠬᠡᠨ ᠳ᠋ᠦ᠍ ᠨᠢ ᠬᠠᠢᠷᠠᠲᠠᠢ ᠡᠷᠡᠴᠦᠳ ᠢ᠋ ᠪᠡᠯᠭᠡᠲᠡᠶᠡ
ᠵᠥᠪ ᠲᠠᠯ᠎ᠠ ᠶ᠋ᠢᠨ ᠳᠥᠷᠥᠭᠡ ᠶ᠋ᠢ ᠰᠦᠨ ᠰᠠᠴᠤᠯᠢ ᠪᠠᠷ ᠮᠢᠯᠢᠶᠠᠶ᠎ᠠ ᠳ᠋ᠠ
ᠲᠣᠰᠤᠭᠠᠳ ᠤᠭᠲᠤᠬᠤ ᠡᠵᠢ ᠳ᠋ᠡᠭᠡᠨ ᠨᠢᠯᠬ᠎ᠠ ᠬᠦᠦ ᠨᠢ ᠪᠠᠢᠪᠠᠴᠤ
ᠲᠦᠮᠡᠨ ᠦ᠌ ᠳᠤᠮᠳᠠ ᠲᠠ ᠮᠢᠨᠢ ᠲᠡᠷᠢᠭᠦᠨ ᠥᠨᠳᠥᠷ ᠡᠷ᠎ᠡ ᠬᠥᠮᠦᠨ ᠪᠢᠯᠡ
ᠲᠦᠳᠡᠭ ᠭᠠᠯ ᠤ᠋ᠨ ᠳᠡᠷᠭᠡᠳᠡ ᠠᠨᠳᠠ ᠶ᠋ᠢᠨ ᠲᠠᠩᠭᠠᠷᠢᠭ ᠢ᠋ᠶ᠋ᠠᠨ ᠡᠷᠭᠦᠵᠦ
ᠲᠡᠦᠬᠡᠨ ᠤᠯᠪᠠᠭ᠎ᠠ ᠮᠠᠨᠳᠤᠭᠤᠯᠤᠭᠰᠠᠨ ᠮᠣᠩᠭᠣᠯ ᠡᠷᠡᠴᠦᠳ ᠪᠠᠢᠳᠠᠭ ᠳ᠋ᠠ
ᠳᠦᠭᠦᠷᠡᠩ ᠵᠣᠯᠭᠠᠬᠤ ᠠᠪᠤ ᠳ᠋ᠠᠭᠠᠨ ᠶᠡᠬᠡ ᠬᠦᠦ ᠨᠢ ᠪᠠᠢᠪᠠᠴᠤ
ᠲᠦᠮᠡᠨ ᠣᠯᠠᠨ ᠤ᠋ ᠳᠤᠮᠳᠠ ᠬᠡᠢᠮᠣᠷᠢ ᠨᠢ ᠥᠭᠡᠳᠡ ᠡᠷ᠎ᠡ ᠬᠥᠮᠦᠨ ᠪᠢᠯᠡ
ᠢᠲᠡᠭᠡᠯ ᠳᠡᠯᠭᠡᠨ ᠨᠥᠬᠥᠷᠯᠡᠵᠦ ᠬᠦᠬᠦᠷ ᠵᠥᠷᠢᠭᠦᠯᠡᠩᠬᠡᠨ ᠰᠠᠭᠤᠳᠠᠭ ᠰᠠᠨ
ᠢᠳᠡ ᠬᠠᠪᠤ ᠪᠠᠨ ᠭᠠᠢᠬᠠᠭᠤᠯᠤᠭᠰᠠᠨ ᠮᠣᠩᠭᠣᠯ ᠡᠷᠡᠴᠦᠳ ᠪᠠᠢᠳᠠᠭ ᠳ᠋ᠠ
ᠢᠵᠢᠯᠢᠳᠦᠨ ᠭᠤᠶᠤᠬᠤ ᠠᠮᠠᠷᠠᠭ ᠲᠠᠭᠠᠨ ᠶᠡᠬᠡ ᠬᠠᠢᠷ᠎ᠠ ᠪᠠᠨ ᠠᠰᠬᠠᠭᠰᠠᠨ
ᠢᠩᠭᠡ ᠶ᠋ᠢᠨ ᠪᠤᠢᠯᠠᠭᠠᠨ ᠳ᠋ᠤ᠌ ᠵᠥᠭᠡᠯᠡᠷᠡᠳᠡᠭ ᠨᠢ ᠤᠶᠠᠬᠠᠨ ᠡᠷᠡᠴᠦᠳ ᠮᠢᠨᠢ ᠪᠢᠯᠡ
ᠵᠢᠷᠦᠬᠡᠨ ᠳ᠋ᠦ᠍ ᠨᠢ ᠬᠠᠢᠷᠠᠲᠠᠢ ᠡᠷᠡᠴᠦᠳ ᠢ᠋ ᠪᠡᠯᠭᠡᠳᠡᠶ᠎ᠡ
ᠵᠥᠪ ᠲᠠᠯ᠎ᠠ ᠶ᠋ᠢᠨ ᠳᠥᠷᠥᠭᠡ ᠶ᠋ᠢ ᠰᠦᠨ ᠰᠠᠴᠤᠯᠢ ᠪᠠᠷ ᠮᠢᠯᠢᠶᠠᠶ᠎ᠠ ᠳ᠋ᠠ
ᠢᠵᠢᠯᠢᠳᠦᠨ ᠭᠤᠶᠤᠬᠤ ᠠᠮᠠᠷᠠᠭ ᠲᠠᠭᠠᠨ ᠶᠡᠬᠡ ᠬᠠᠢᠷ᠎ᠠ ᠪᠠᠨ ᠠᠰᠬᠠᠭᠰᠠᠨ
ᠢᠩᠭᠡ ᠶ᠋ᠢᠨ ᠪᠤᠢᠯᠠᠭᠠᠨ ᠳ᠋ᠤ᠌ ᠵᠥᠭᠡᠯᠡᠷᠡᠳᠡᠭ ᠨᠢ ᠡᠷ᠎ᠡ ᠬᠥᠮᠦᠨ ᠪᠢᠯᠡ
ᠲᠣᠰᠤᠭᠠᠳ ᠤᠭᠲᠤᠬᠤ ᠡᠵᠢ ᠳ᠋ᠡᠭᠡᠨ ᠨᠢᠯᠬ᠎ᠠ ᠬᠦᠦ ᠨᠢ ᠪᠠᠢᠪᠠᠴᠤ
ᠲᠦᠮᠡᠨ ᠦ᠌ ᠳᠤᠮᠳᠠ ᠲᠠ ᠮᠢᠨᠢ ᠲᠡᠷᠢᠭᠦᠨ ᠥᠨᠳᠥᠷ ᠡᠷ᠎ᠡ ᠬᠥᠮᠦᠨ ᠪᠢᠯᠡ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠤᠤᠭᠠᠨᠵᠢᠳ
