ᠪᠠᠶᠠᠨᠵᠢᠷᠦᠬᠡ ᠣᠪᠣᠭ᠎ᠠ ᠮᠢᠨᠢ -ᠰᠠᠴᠤᠷᠠᠯᠲᠤBayanzürkh ovoo mini-TsatsraltБаянзүрх овоо минь-Цацралт
ᠪᠠᠶᠠᠨᠵᠢᠷᠦᠬᠡ ᠣᠪᠣᠭ᠎ᠠ ᠮᠢᠨᠢ
ᠦᠭᠡ᠄ ᠪᠣ· ᠥᠯᠵᠡᠢᠲᠦ
ᠠᠶ᠎ᠠ᠄ ᠵᠣᠣ ᠱᠤᠸᠠᠩ ᠯᠦᠩ
ᠳᠠᠭᠤᠴᠢᠨ᠄ ᠰᠠᠴᠤᠷᠠᠯᠲᠤ
ᠤᠷᠭᠤᠬᠤ ᠨᠠᠷᠠᠨ ᠳ᠋ᠤ᠌ ᠭᠠᠨᠵᠢᠷ᠎ᠠ ᠨᠢ ᠭᠢᠯᠠᠯᠵᠠᠭᠠᠳ᠂ ᠭᠠᠨᠵᠢᠷ᠎ᠠ ᠨᠢ ᠭᠢᠯᠠᠯᠵᠠᠭᠠᠳ
ᠤᠯᠠᠭᠠᠨ ᠭᠠᠴᠤᠷ᠎ᠠ ᠠᠭᠤᠯᠠᠨ ᠳ᠋ᠤ᠌ ᠨᠢ ᠵᠢᠭᠳᠡᠷᠡᠭᠡᠳ᠂ᠠᠭᠤᠯᠠᠨ ᠳ᠋ᠤ᠌ ᠨᠢ ᠵᠢᠭᠳᠡᠷᠡᠭᠡᠳ
ᠠᠭᠤᠳᠠᠮ ᠲᠠᠯ᠎ᠠ ᠪᠠᠨ ᠪᠠᠷᠠᠯᠠᠩᠬᠠᠨ ᠰᠡᠬᠦᠢᠭᠡᠳ᠂ᠪᠠᠷᠠᠯᠠᠩᠬᠠᠨ ᠰᠡᠬᠦᠢᠭᠡᠳ
ᠤᠴᠢᠷᠲᠠᠢᠬᠠᠨ ᠮᠦᠰᠢᠶᠡᠭᠰᠡᠨ ᠪᠠᠶᠠᠨᠵᠢᠷᠦᠬᠡ ᠮᠢᠨᠢ᠂ ᠪᠠᠶᠠᠨᠵᠢᠷᠦᠬᠡ ᠮᠢᠨᠢ
ᠠᠢ ᠁ ᠪᠠᠶᠠᠨᠵᠢᠷᠦᠬᠡ ᠮᠢᠨᠢ ᠪᠠᠶᠠᠨᠵᠢᠷᠦᠬᠡ ᠮᠢᠨᠢ
ᠪᠠᠬᠠᠷᠤᠮ᠎ᠠ ᠰᠠᠢᠬᠠᠨ ᠪᠠᠶᠠᠨᠵᠢᠷᠦᠬᠡ ᠮᠢᠨᠢ
ᠪᠤᠶᠠᠨᠲᠠᠢ ᠨᠤᠲᠤᠭ ᠤ᠋ᠨ ᠪᠤᠷᠬᠠᠨ ᠣᠪᠣᠭ᠎ᠠ ᠮᠢᠨᠢ
ᠵᠢᠷᠦᠬᠡᠨ ᠱᠣᠪᠬᠣ ᠣᠷᠣᠢ ᠨᠢ ᠵᠦᠮᠪᠦᠷᠯᠡᠭᠡᠳ᠂ ᠣᠷᠣᠢ ᠨᠢ ᠵᠦᠮᠪᠦᠷᠯᠡᠭᠡᠳ
ᠵᠥᠭᠡᠯᠡᠨ ᠰᠠᠯᠬᠢ ᠲᠠᠢ ᠲᠩᠷᠢ ᠪᠡᠨ ᠲᠤᠯᠭᠠᠭᠤᠷᠢᠯᠠᠭᠠᠳ᠂
ᠲᠩᠷᠢ ᠪᠡᠨ ᠲᠤᠯᠭᠠᠭᠤᠷᠢᠯᠠᠭᠠᠳ
ᠵᠦᠭᠯᠡᠵᠦ ᠢᠷᠡᠭᠰᠡᠨ ᠮᠠᠯᠴᠢᠳ ᠢ᠋ᠶ᠋ᠠᠨ ᠳᠠᠯᠠᠯᠤᠭᠠᠳ᠂ ᠮᠠᠯᠴᠢᠳ ᠢ᠋ᠶ᠋ᠠᠨ ᠳᠠᠯᠠᠯᠤᠭᠠᠳ
ᠵᠡᠭᠦᠳᠦᠨ ᠳ᠋ᠦ᠍ ᠬᠣᠨᠣᠭᠰᠢᠭᠰᠠᠨ ᠪᠠᠶᠠᠨᠵᠢᠷᠦᠬᠡ ᠮᠢᠨᠢ᠂ ᠪᠠᠶᠠᠨᠵᠢᠷᠦᠬᠡ ᠮᠢᠨᠢ
ᠠᠢ ᠁ ᠪᠠᠶᠠᠨᠵᠢᠷᠦᠬᠡ ᠮᠢᠨᠢ ᠪᠠᠶᠠᠨᠵᠢᠷᠦᠬᠡ ᠮᠢᠨᠢ
ᠪᠠᠬᠠᠷᠤᠮ᠎ᠠ ᠰᠠᠢᠬᠠᠨ ᠪᠠᠶᠠᠨᠵᠢᠷᠦᠬᠡ ᠮᠢᠨᠢ
ᠪᠤᠶᠠᠨᠲᠠᠢ ᠨᠤᠲᠤᠭ ᠤ᠋ᠨ ᠪᠤᠷᠬᠠᠨ ᠣᠪᠣᠭ᠎ᠠ ᠮᠢᠨᠢ
ᠰᠦᠵᠢᠭ ᠦ᠋ᠨ ᠮᠠᠨᠠᠨ ᠣᠪᠣᠭᠠᠨ ᠳ᠋ᠤ᠌ ᠨᠢ ᠬᠣᠷᠭᠣᠳᠠᠭᠠᠳ᠂ ᠣᠪᠣᠭᠠᠨ ᠳ᠋ᠤ᠌ ᠨᠢ ᠬᠣᠷᠭᠣᠳᠠᠭᠠᠳ
ᠰᠤᠳᠤᠷ ᠨᠣᠮ ᠤ᠋ᠨ ᠤᠩᠰᠢᠯᠭ᠎ᠠ ᠴᠤᠤᠷᠢᠶᠠᠳᠠᠭᠠᠳ᠂ ᠤᠩᠰᠢᠯᠭ᠎ᠠ ᠴᠤᠤᠷᠢᠶᠠᠳᠠᠭᠠᠳ
ᠰᠦ ᠶ᠋ᠢᠨ ᠦᠨᠦᠷ ᠲᠡᠢ ᠴᠢᠯᠠᠭᠤᠳ ᠨᠢ ᠵᠠᠯᠪᠠᠷᠢᠭᠠᠳ᠂ ᠴᠢᠯᠠᠭᠤᠳ ᠨᠢ ᠵᠠᠯᠪᠠᠷᠢᠭᠠᠳ
ᠰᠦᠷ ᠲᠡᠢ ᠬᠡᠢᠮᠣᠷᠢ ᠲᠠᠢ ᠪᠠᠶᠠᠨᠵᠢᠷᠦᠬᠡ ᠮᠢᠨᠢ᠂ ᠪᠠᠶᠠᠨᠵᠢᠷᠦᠬᠡ ᠮᠢᠨᠢ
ᠠᠢ ᠁ ᠪᠠᠶᠠᠨᠵᠢᠷᠦᠬᠡ ᠮᠢᠨᠢ᠂ ᠪᠠᠶᠠᠨᠵᠢᠷᠦᠬᠡ ᠮᠢᠨᠢ
ᠪᠠᠬᠠᠷᠤᠮ᠎ᠠ ᠰᠠᠢᠬᠠᠨ ᠪᠠᠶᠠᠨᠵᠢᠷᠦᠬᠡ ᠮᠢᠨᠢ
ᠪᠤᠶᠠᠨᠲᠠᠢ ᠨᠤᠲᠤᠭ ᠤ᠋ᠨ ᠪᠤᠷᠬᠠᠨ ᠣᠪᠣᠭ᠎ᠠ ᠮᠢᠨᠢ
ᠭᠥᠷᠥᠭᠡᠰᠦ ᠰᠦᠷᠦᠭᠯᠡᠨ᠂ ᠪᠤᠭᠤ ᠨᠢ ᠣᠷᠣᠮᠳᠠᠭᠠᠳ ᠪᠤᠭᠤ ᠨᠢ ᠣᠷᠣᠮᠳᠠᠭᠠᠳ
ᠭᠥᠯᠥᠭᠡᠯᠡᠬᠦ ᠪᠤᠷᠭᠠᠰᠤ ᠤᠯᠠᠷᠢᠯ ᠳ᠋ᠤ᠌ ᠪᠠᠨ ᠨᠣᠭᠣᠭᠠᠷᠠᠭᠠᠳ᠂
ᠤᠯᠠᠷᠢᠯ ᠳ᠋ᠤ᠌ ᠪᠠᠨ ᠨᠣᠭᠣᠭᠠᠷᠠᠭᠠᠳ
ᠬᠥᠩᠭᠡᠷ ᠦ᠋ᠨ ᠭᠣᠣᠯ ᠠᠯᠢᠶᠠᠯᠠᠨ ᠤᠷᠤᠰᠤᠭᠠᠳ᠂ ᠠᠯᠢᠶᠠᠯᠠᠨ ᠤᠷᠤᠰᠤᠭᠠᠳ
ᠭᠦᠷᠢᠮ ᠠᠢᠯᠠᠳᠤᠭᠰᠠᠨ ᠪᠠᠶᠠᠨᠵᠢᠷᠦᠬᠡ ᠮᠢᠨᠢ᠂ ᠪᠠᠶᠠᠨᠵᠢᠷᠦᠬᠡ ᠮᠢᠨᠢ
ᠠᠢ ᠁ ᠪᠠᠶᠠᠨᠵᠢᠷᠦᠬᠡ ᠮᠢᠨᠢ ᠪᠠᠶᠠᠨᠵᠢᠷᠦᠬᠡ ᠮᠢᠨᠢ ᠪᠠᠬᠠᠷᠤᠮ᠎ᠠ ᠰᠠᠢᠬᠠᠨ ᠪᠠᠶᠠᠨᠵᠢᠷᠦᠬᠡ ᠮᠢᠨᠢ
ᠪᠤᠶᠠᠨᠲᠠᠢ ᠨᠤᠲᠤᠭ ᠤ᠋ᠨ ᠰᠦᠯᠳᠡ ᠣᠪᠣᠭ᠎ᠠ ᠮᠢᠨᠢ
ᠪᠤᠶᠠᠨᠲᠠᠢ ᠨᠤᠲᠤᠭ ᠤ᠋ᠨ ᠰᠦᠯᠳᠡ ᠣᠪᠣᠭ᠎ᠠ ᠮᠢᠨᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
