ᠣᠲᠣᠭ ᠤ᠋ᠨ ᠪᠠᠷᠠᠭᠤᠨ ᠵᠠᠬ᠎ᠠ -ᠲᠠᠭᠲᠠᠭ᠎ᠠOtgiin baruun zakh-TagtaaОтгийн баруун зах-Тагтаа
ᠣᠲᠣᠭ ᠤ᠋ᠨ ᠪᠠᠷᠠᠭᠤᠨ ᠵᠠᠬ᠎ᠠ
ᠣᠷᠳᠣᠰ ᠠᠷᠠᠳ ᠤ᠋ᠨ ᠳᠠᠭᠤᠤ
ᠳᠠᠭᠤᠴᠢᠨ᠄ ᠲᠠᠭᠲᠠᠭ᠎ᠠ
ᠣᠲᠣᠭ ᠤ᠋ᠨ ᠴᠢᠨᠢ ᠪᠠᠷᠠᠭᠤᠨ ᠵᠠᠬ᠎ᠠ ᠪᠠᠬᠠᠨ ᠴᠤ᠌ ᠬᠣᠯᠠ ᠪᠠᠢᠨ᠎ᠠ
ᠪᠠᠲᠤᠪᠠᠶᠠᠷ ᠲᠠᠭᠠᠨ ᠵᠣᠯᠭᠠᠨ᠎ᠠ ᠭᠡᠭᠴᠢ ᠪᠠᠬᠠᠨ ᠴᠤ᠌ ᠪᠡᠷᠬᠡ ᠪᠠᠢᠨ᠎ᠠ
ᠤᠳᠠ ᠮᠣᠳᠣᠨ ᠤ᠋ ᠰᠣᠶᠣᠭ᠎ᠠ ᠪᠠᠢᠪᠠᠯ ᠤᠷᠭᠤᠳᠠᠭ᠂ ᠪᠠᠢᠯᠭᠦᠢ ᠳ᠋ᠣᠣ
ᠤᠳᠠᠭᠠᠨ ᠵᠢᠯ ᠢ᠋ᠶ᠋ᠡᠷ ᠵᠣᠯᠭᠠᠬᠤ ᠦᠭᠡᠢ ᠪᠠᠢᠪᠠᠯ ᠰᠠᠨᠠᠳᠠᠭ ᠪᠠᠢᠯᠭᠦᠢ ᠳ᠋ᠣᠣ᠃
ᠰᠡᠨᠰᠡᠨ ᠬᠤᠷᠠᠭᠠᠨ ᠳᠡᠪᠡᠯ ᠳ᠋ᠦ᠍ ᠴᠢᠨᠢ ᠪᠣᠯᠤᠭᠰᠠᠨ ᠴᠤ᠌ ᠦᠭᠡᠢ ᠳ᠋ᠣᠣ
ᠰᠡᠴᠡᠨ ᠮᠡᠷᠭᠡᠨ ᠤᠬᠠᠭᠠᠨ ᠳ᠋ᠤ᠌ ᠴᠢᠨᠢ ᠪᠣᠯᠤᠭᠰᠠᠨ ᠨᠢ ᠦᠨᠡᠨ ᠳ᠋ᠣᠣ
ᠬᠠᠯᠢᠰᠤ ᠮᠣᠳᠣᠨ ᠤ᠋ ᠰᠣᠶᠣᠭ᠎ᠠ ᠪᠠᠢᠪᠠᠯ ᠤᠷᠭᠤᠳᠠᠭ ᠪᠠᠢᠯᠭᠦᠢ ᠳ᠋ᠣᠣ
ᠬᠠᠷᠢ ᠶ᠋ᠢᠨ ᠪᠠᠭ᠎ᠠ ᠶ᠋ᠢᠨ ᠠᠯᠲᠠᠨᠳᠠᠷᠢ ᠶ᠋ᠢ ᠪᠡᠨ ᠬᠠᠶᠠᠬᠤ ᠦᠭᠡᠢ ᠪᠠᠢᠯᠭᠦᠢ ᠳ᠋ᠣᠣ᠃
ᠣᠭ᠌ᠶᠤ ᠱ᠌ᠢᠷᠦ ᠶ᠋ᠢᠨ ᠣᠯᠠᠨ ᠳ᠋ᠤ᠌ ᠴᠢᠨᠢ ᠪᠣᠯᠤᠭᠰᠠᠨ ᠴᠤ᠌ ᠦᠭᠡᠢ ᠳ᠋ᠣᠣ
ᠣᠶᠤᠨ ᠮᠡᠷᠭᠡᠨ ᠤᠬᠠᠭᠠᠨ ᠳ᠋ᠤ᠌ ᠴᠢᠨᠢ ᠪᠣᠯᠤᠭᠰᠠᠨ ᠨᠢ ᠦᠨᠡᠨ ᠳ᠋ᠣᠣ
ᠬᠥᠪᠥᠩ ᠮᠣᠳᠣᠨ ᠤ᠋ ᠬᠥᠨᠳᠡᠢ ᠲᠤᠭᠤᠷᠠᠢ ᠵᠢᠭᠠᠬᠠᠨ ᠰᠠᠭᠤᠶ᠎ᠠ ᠳ᠋ᠣᠣ
ᠬᠥᠭᠡᠷᠦᠬᠦᠨ ᠪᠠᠭ᠎ᠠ ᠶ᠋ᠢᠨ ᠠᠯᠲᠠᠨᠳᠠᠷᠢ ᠶ᠋ᠢ ᠪᠡᠨ ᠬᠦᠯᠢᠶᠡᠵᠦ ᠰᠠᠭᠤᠶ᠎ᠠ ᠳ᠋ᠣᠣ᠃
ᠬᠥᠭᠡᠷᠦᠬᠦᠢ ᠪᠠᠭ᠎ᠠ ᠶ᠋ᠢᠨ ᠠᠯᠲᠠᠨᠳᠠᠷᠢ ᠶ᠋ᠢ ᠪᠡᠨ ᠬᠦᠯᠢᠶᠡᠵᠦ ᠰᠠᠭᠤᠶ᠎ᠠ ᠳ᠋ᠣᠣ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
