ᠠᠪᠤ ᠶ᠋ᠢᠨ ᠬᠠᠢᠷ᠎ᠠ -ᠬᠣᠩ ᠮᠧᠢAavyn khair-Khon myeiАавын хайр-Хон мей
ᠠᠪᠤ ᠶ᠋ᠢᠨ ᠬᠠᠢᠷ᠎ᠠ
ᠦᠭᠡ᠄ ᠠ᠊· ᠣᠳᠬᠣᠨᠪᠠᠶᠠᠷ
ᠠᠶ᠎ᠠ᠄ ᠬᠣᠩ ᠮᠧᠢ
ᠳᠠᠭᠤᠴᠢᠨ᠄ ᠬᠣᠩ ᠮᠧᠢ
ᠡᠩᠭᠡᠷ ᠲᠦ᠍ ᠪᠡᠨ ᠡᠷᠬᠡᠯᠡᠭᠦᠯᠵᠦ ᠥᠰᠬᠡᠭᠡ ᠦᠭᠡᠢ ᠴᠦ᠍
ᠡᠯᠢᠭᠡᠨ ᠳ᠋ᠦ᠍ ᠪᠡᠨ ᠪᠥᠭᠡᠴᠡᠢᠯᠡᠳᠡᠭ ᠠᠪᠤ ᠮᠢᠨᠢ
ᠬᠠᠲᠠᠭᠤ ᠦᠭᠡ ᠪᠡᠷ ᠵᠠᠩᠳᠤᠷᠤᠭᠰᠠᠨ ᠴᠢᠭ
ᠬᠠᠷᠠᠴᠠ ᠪᠠᠷ ᠢ᠋ᠶ᠋ᠠᠨ ᠬᠠᠢᠷᠠᠯᠠᠳᠠᠭ ᠠᠪᠤ ᠮᠢᠨᠢ
ᠬᠠᠢᠷ᠎ᠠ ᠳᠦᠭᠦᠷᠡᠩ ᠬᠠᠷᠠᠴᠠ ᠶ᠋ᠢ ᠲᠠᠨᠢ
ᠬᠠᠷᠠᠨ ᠬᠠᠷᠠᠨ ᠤᠬᠠᠭᠠᠷᠠᠨ᠎ᠠ ᠪᠢ
ᠬᠣᠯᠠ ᠶ᠋ᠢᠨ ᠪᠣᠳᠣᠯ ᠲᠠᠢ ᠤᠬᠠᠭᠠᠨ ᠢ᠋ ᠲᠠᠨᠢ
ᠬᠦᠨᠳᠦᠯᠡᠨ ᠬᠦᠨᠳᠦᠯᠡᠨ ᠳᠡᠭᠡᠳᠦᠯᠡᠨ᠎ᠡ
ᠵᠤᠯᠠᠢ ᠶ᠋ᠢ ᠮᠢᠨᠢ ᠦᠨᠦᠷᠯᠡᠨ ᠦᠬᠦᠭᠡᠷᠲᠦᠭᠡ ᠦᠭᠡᠢ ᠴᠦ᠍
ᠵᠢᠷᠦᠬᠡᠨ ᠳ᠋ᠦ᠍ ᠪᠡᠨ ᠬᠠᠢᠷᠠᠯᠠᠳᠠᠭ ᠠᠪᠤ ᠮᠢᠨᠢ
ᠵᠣᠪᠬᠢᠨ ᠳ᠋ᠤ᠌ ᠮᠢᠨᠢ ᠨᠢᠯᠪᠤᠰᠤ ᠮᠡᠯᠮᠡᠷᠡᠭᠰᠡᠨ ᠴᠢᠭ
ᠵᠣᠷᠢᠭ ᠢ᠋ᠶ᠋ᠠᠷ ᠢ᠋ᠶ᠋ᠠᠨ ᠴᠢᠩᠭᠠᠯᠠᠳᠠᠭ ᠠᠪᠤ ᠮᠢᠨᠢ
ᠬᠠᠢᠷ᠎ᠠ ᠳᠦᠭᠦᠷᠡᠩ ᠬᠠᠷᠠᠴᠠ ᠶ᠋ᠢ ᠲᠠᠨᠢ
ᠬᠠᠷᠠᠨ ᠬᠠᠷᠠᠨ ᠤᠬᠠᠭᠠᠷᠠᠨ᠎ᠠ ᠪᠢ
ᠬᠣᠯᠠ ᠶ᠋ᠢᠨ ᠪᠣᠳᠣᠯ ᠲᠠᠢ ᠤᠬᠠᠭᠠᠨ ᠢ᠋ ᠲᠠᠨᠢ
ᠬᠦᠨᠳᠦᠯᠡᠨ ᠬᠦᠨᠳᠦᠯᠡᠨ ᠳᠡᠭᠡᠳᠦᠯᠡᠨ᠎ᠡ
ᠴᠡᠭᠡᠵᠢᠨ ᠳ᠋ᠦ᠍ ᠪᠡᠨ ᠲᠡᠪᠡᠷᠢᠵᠦ ᠡᠩᠬᠦᠷᠡᠢᠯᠡᠭᠡ ᠦᠭᠡᠢ ᠴᠦ᠍
ᠴᠢᠩ ᠰᠤᠷᠭᠠᠯ ᠢ᠋ᠶ᠋ᠠᠨ ᠵᠠᠬᠢᠳᠠᠭ ᠠᠪᠤ ᠮᠢᠨᠢ
ᠲᠣᠭ᠎ᠠ ᠲᠠᠢ ᠬᠡᠯᠡᠭᠰᠡᠨ ᠬᠣᠪᠣᠷ ᠦᠭᠡ ᠲᠠᠨᠢ
ᠲᠣᠳᠣᠬᠠᠨ ᠦᠯᠡᠳᠡᠳᠡᠭ ᠠᠪᠤ ᠮᠢᠨᠢ
ᠬᠠᠢᠷ᠎ᠠ ᠳᠦᠭᠦᠷᠡᠩ ᠬᠠᠷᠠᠴᠠ ᠶ᠋ᠢ ᠲᠠᠨᠢ
ᠬᠠᠷᠠᠨ ᠬᠠᠷᠠᠨ ᠤᠬᠠᠭᠠᠷᠠᠨ᠎ᠠ ᠪᠢ
ᠬᠣᠯᠠ ᠶ᠋ᠢᠨ ᠪᠣᠳᠣᠯ ᠲᠠᠢ ᠤᠬᠠᠭᠠᠨ ᠢ᠋ ᠲᠠᠨᠢ
ᠬᠦᠨᠳᠦᠯᠡᠨ ᠬᠦᠨᠳᠦᠯᠡᠨ ᠳᠡᠭᠡᠳᠦᠯᠡᠨ᠎ᠡ
ᠬᠦᠨᠳᠦᠯᠡᠨ ᠬᠦᠨᠳᠦᠯᠡᠨ ᠳᠡᠭᠡᠳᠦᠯᠡᠨ᠎ᠡ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
