ᠲᠥᠷᠥ ᠶ᠋ᠢᠨ ᠳᠠᠭᠤᠯᠠᠯ ᠮᠢᠨᠦ-ᠮᠠᠨᠳᠤᠬᠤ ᠪᠠᠭᠰᠢ ᠶ᠋ᠢᠨ ᠤᠷᠠᠨ ᠪᠢᠴᠢᠯᠭ
ᠲᠥᠷᠥ ᠶ᠋ᠢᠨ ᠳᠠᠭᠤᠯᠠᠯ ᠮᠢᠨᠦ
ᠮᠣᠩᠭᠣᠯ ᠭᠡᠵᠦ ᠳᠠᠭᠤᠳᠠᠬᠤ ᠨᠡᠷ᠎ᠡ ᠶ᠋ᠢ ᠮᠢᠨᠦ ᠮᠥᠩᠬᠡ ᠲᠩᠷᠢ ᠬᠠᠢᠷᠠᠯᠠᠭᠰᠠᠨ ᠪᠣᠯᠬᠣᠷ
ᠬᠥᠬᠡ ᠲᠩᠷᠢ ᠶ᠋ᠢᠨ ᠳᠣᠣᠷ᠎ᠠ ᠠ᠋ᠴᠠ ᠪᠢ ᠾᠦᠩᠨᠦ ᠰᠦᠨᠡᠰᠦ ᠪᠡᠨ ᠰᠡᠷᠡᠭᠡᠵᠦ ᠪᠠᠢᠨ᠎ᠠ
ᠮᠣᠩᠭᠣᠯ ᠲᠥᠷᠥ ᠶ᠋ᠢᠨ ᠢ᠋ᠶ᠋ᠡᠨ ᠳᠠᠭᠤᠯᠠᠯ ᠢ᠋ ᠬᠠᠷᠠᠴᠠ ᠪᠠᠨ ᠡᠷᠭᠦᠨ ᠬᠦᠨᠳᠦᠯᠡᠶ᠎ᠡ
ᠴᠡᠭᠡᠵᠢᠨ ᠳ᠋ᠦ᠍ ᠯᠤᠭᠰᠢᠬᠤ ᠵᠢᠷᠦᠬᠡ ᠪᠡᠨ ᠠᠯᠠᠭ᠎ᠠ ᠪᠠᠷ ᠢ᠋ᠶ᠋ᠠᠨ ᠮᠡᠳᠡᠷᠡᠵᠦ ᠵᠣᠭᠰᠣᠶ᠎ᠠ
ᠠᠨᠢᠰᠬᠠᠨ ᠤ᠋ ᠨᠢᠯᠪᠤᠰᠤ ᠠᠰᠬᠠᠷᠠᠪᠠᠴᠤ ᠨᠢᠳᠦ ᠪᠡᠨ ᠴᠠᠪᠴᠢᠬᠤ ᠦᠭᠡᠢ ᠰᠣᠨᠣᠰᠤᠶ᠎ᠠ
ᠴᠡᠭᠡᠵᠢ ᠲᠦᠭᠦᠷᠡᠲᠡᠯ᠎ᠡ ᠠᠮᠢᠰᠬᠤᠯ ᠢ᠋ᠶ᠋ᠠᠷ ᠴᠢᠬᠡ ᠵᠣᠭᠰᠣᠭᠠᠳ ᠳᠠᠭᠤᠯᠠᠶ᠎ᠠ
ᠲᠦᠮᠡᠨ ᠵᠢᠷᠦᠬᠡᠨ ᠦ᠌ ᠠᠶᠠᠯᠭᠤ ᠮᠢᠨᠦ ᠲᠩᠷᠢ ᠵᠠᠶᠠᠭᠠᠲᠤ ᠣᠮᠣᠭᠰᠢᠯ ᠮᠢᠨᠦ
ᠲᠠᠷᠢᠬᠢᠨ ᠳ᠋ᠤ᠌ ᠰᠠᠭᠤᠭᠰᠠᠨ ᠡᠬᠡᠰᠢᠭ ᠮᠢᠨᠦ ᠲᠠᠯ᠎ᠠ ᠶ᠋ᠢᠨ ᠮᠣᠩᠭᠣᠯ ᠨᠡᠷ᠎ᠡ ᠮᠢᠨᠦ
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠢᠬᠠᠨ ᠳᠠᠭᠤᠯᠠᠯ ᠮᠢᠨᠦ
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠢᠬᠠᠨ ᠳᠠᠭᠤᠯᠠᠯ ᠮᠢᠨᠦ
ᠮᠣᠩᠭᠣᠯ ᠲᠥᠷᠥ ᠶ᠋ᠢᠨ ᠢ᠋ᠶ᠋ᠡᠨ ᠳᠠᠭᠤᠯᠠᠯ ᠢ᠋ ᠲᠡᠷᠢᠭᠦᠨ ᠢ᠋ᠶ᠋ᠡᠨ ᠡᠷᠭᠦᠨ ᠬᠦᠨᠳᠦᠯᠡᠶ᠎ᠡ
ᠤᠷᠤᠭ ᠭᠠᠷᠤᠯ ᠢ᠋ᠶ᠋ᠠᠨ ᠪᠣᠳᠣᠭᠠᠳ ᠨᠣᠮᠣᠬᠠᠨ ᠵᠣᠭᠰᠣᠭᠠᠳ ᠣᠭᠰᠢᠶᠠᠨ
ᠲᠢᠪ ᠳᠡᠯᠡᠬᠡᠢ ᠳ᠋ᠦ᠍ ᠴᠤᠤᠷᠢᠶᠠᠲᠤᠬᠤ ᠪᠠᠷ ᠰᠡᠳᠬᠢᠯ ᠣᠭᠰᠢᠶᠠᠨ ᠰᠣᠨᠣᠰᠤᠶ᠎ᠠ
ᠲᠤᠭ ᠰᠦᠯᠳᠡ ᠳ᠋ᠡᠭᠡᠨ ᠮᠥᠷᠭᠥᠭᠡᠳ ᠵᠢᠷᠦᠬᠡ ᠪᠡᠨ ᠴᠢᠩᠭᠠᠯᠠᠨ ᠳᠠᠭᠤᠯᠠᠶ᠎ᠠ
ᠲᠦᠮᠡᠨ ᠵᠢᠷᠦᠬᠡᠨ ᠦ᠌ ᠠᠶᠠᠯᠭᠤ ᠮᠢᠨᠦ ᠲᠩᠷᠢ ᠵᠠᠶᠠᠭᠠᠲᠤ ᠣᠮᠣᠭᠰᠢᠯ ᠮᠢᠨᠦ
ᠲᠠᠷᠢᠬᠢᠨ ᠳ᠋ᠤ᠌ ᠰᠠᠭᠤᠭᠰᠠᠨ ᠡᠬᠡᠰᠢᠭ ᠮᠢᠨᠦ ᠲᠠᠯ᠎ᠠ ᠶ᠋ᠢᠨ ᠮᠣᠩᠭᠣᠯ ᠨᠡᠷ᠎ᠡ ᠮᠢᠨᠦ
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠢᠬᠠᠨ ᠳᠠᠭᠤᠯᠠᠯ ᠮᠢᠨᠦ
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠢᠬᠠᠨ ᠳᠠᠭᠤᠯᠠᠯ ᠮᠢᠨᠦ
ᠲᠥᠷᠥ ᠶ᠋ᠢᠨ ᠳᠠᠭᠤᠯᠠᠯ ᠡᠭᠡᠰᠢᠭᠯᠡᠬᠦ ᠪᠡᠷ ᠪᠢ ᠡᠬᠡ ᠣᠷᠣᠨ ᠤ᠋ ᠬᠦᠦ ᠭᠡᠳᠡᠭ ᠢ᠋ᠶ᠋ᠡᠨ ᠰᠠᠨᠠᠳᠠᠭ
ᠲᠤᠯᠭᠠᠭᠤᠷᠢ ᠲᠥᠷᠥ ᠶ᠋ᠢᠨ ᠢ᠋ᠶ᠋ᠡᠨ ᠡᠵᠡᠨ ᠭᠡᠳᠡᠭ ᠢ᠋ᠶ᠋ᠡᠨ ᠲᠤᠢᠯ ᠤ᠋ᠨ ᠦᠨᠡᠨ ᠢ᠋ᠶ᠋ᠡᠷ ᠮᠡᠳᠡᠷᠡᠳᠡᠭ
ᠲᠡᠷᠢᠭᠦᠨ ᠢ᠋ᠶ᠋ᠡᠨ ᠡᠷᠭᠦᠨ ᠵᠣᠭᠰᠣᠬᠤ ᠮᠥᠴᠡ ᠳ᠋ᠦ᠍ ᠲᠩᠷᠢ ᠳᠣᠣᠷᠠᠬᠢ ᠲᠠᠩᠭᠠᠷᠢᠭ ᠠᠮᠠᠯᠠᠳᠠᠭ
ᠳᠠᠭᠤᠯᠠᠬᠤ ᠬᠡᠳᠦᠨ ᠮᠥᠷ ᠢ᠋ ᠲᠦᠷᠢᠬᠦ ᠳ᠋ᠦ᠍ ᠳᠣᠲᠣᠷ᠎ᠠ ᠬᠥᠮᠦᠨ ᠦ᠌ ᠮᠢᠨᠢ ᠰᠦᠨᠡᠰᠦ ᠰᠡᠷᠡᠳᠡᠭ
ᠲᠦᠮᠡᠨ ᠵᠢᠷᠦᠬᠡᠨ ᠦ᠌ ᠠᠶᠠᠯᠭᠤ ᠮᠢᠨᠢ ᠬᠤᠷ ᠬᠤᠷ ᠬᠤᠷ ᠲᠩᠷᠢ ᠵᠠᠶᠠᠭᠠᠲᠤ ᠣᠮᠣᠭᠰᠢᠯ ᠮᠢᠨᠢ ᠬᠤᠷ ᠬᠤᠷ ᠬᠤᠷ
ᠲᠠᠷᠢᠬᠢᠨ ᠳ᠋ᠤ᠌ ᠰᠠᠭᠤᠭᠰᠠᠨ ᠡᠭᠡᠰᠢᠭ ᠮᠢᠨᠦ ᠲᠠᠯ᠎ᠠ ᠶ᠋ᠢᠨ ᠮᠣᠩᠭᠣᠯ ᠨᠡᠷ᠎ᠡ ᠮᠢᠨᠦ
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠢᠬᠠᠨ ᠳᠠᠭᠤᠯᠠᠯ ᠮᠢᠨᠦ᠁
ᠠᠢ ᠠᠢ ᠠᠢ ᠬᠦ ᠵᠧ ᠵᠧ ᠵᠧ ᠬᠦ ᠲᠥᠷᠥ ᠶ᠋ᠢᠨ ᠰᠠᠶ᠋ᠢᠬᠠᠨ ᠳᠠᠭᠤᠯᠠᠯ ᠮᠢᠨᠦ᠁
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ: ᠤᠤᠭᠠᠨᠵᠢᠳ
