ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ

ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ

ᠠᠩᠭᠢᠯᠠᠯ:ᠳᠠᠭᠤᠤ ᠬᠥᠭᠵᠢᠮ
2026-06-23

24

ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ 


 ᠦᠭᠡ᠄ ᠠᠯᠲᠠ  
 ᠠᠶ᠎ᠠ᠄ ᠰᠠᠷᠠᠨᠲᠤᠩᠭᠠᠯᠠᠭ 
 ᠳᠠᠭᠤᠤ᠄ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ᠎ᠶᠢᠨ ᠰᠤᠷᠤᠭᠴᠢᠳ  

ᠠᠷᠤ ᠬᠣᠷᠴᠢᠨ ᠤ᠋ ᠳᠤᠯᠠᠭᠠᠨ ᠡᠯᠢᠭᠡᠨ ᠳ᠋ᠦ᠍ 
ᠠᠰᠠᠨ ᠮᠡᠨᠳᠦᠯᠡᠭᠰᠡᠨ ᠳᠤᠮᠳᠠᠳᠤ ᠰᠤᠷᠭᠠᠭᠤᠯᠢ ᠮᠢᠨᠢ 
ᠠᠭᠤᠤ ᠡᠷᠡᠨ ᠦ᠌ ᠳᠠᠷᠠᠭ᠎ᠠ ᠬᠤᠭᠤᠴᠠᠭ᠎ᠠ ᠳ᠋ᠤ᠌ 
ᠠᠯᠤᠰ ᠤ᠋ᠨ ᠵᠢᠭᠦᠷ ᠢ᠋ᠶ᠋ᠡᠨ ᠳᠡᠯᠭᠡᠨ᠎ᠡ ᠳᠡ 
ᠴᠠᠭ ᠦᠶ᠎ᠡ ᠶ᠋ᠢᠨ ᠵᠢᠪᠬᠤᠭ᠎ᠠ ᠪᠠᠳᠠᠷᠠᠭᠰᠠᠨ 
ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ 
ᠴᠠᠭ ᠦᠶ᠎ᠡ ᠶ᠋ᠢᠨ ᠵᠢᠪᠬᠤᠭ᠎ᠠ ᠪᠠᠳᠠᠷᠠᠭᠰᠠᠨ 
ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ   

ᠬᠦᠨᠳᠦᠲᠦ ᠪᠠᠭᠰᠢ᠂ ᠬᠠᠮᠲᠤ ᠶ᠋ᠢᠨ ᠡᠷᠴᠢ ᠪᠡᠷ 
ᠪᠦᠲᠦᠭᠡᠯ ᠦᠢᠯᠡᠰ ᠢ᠋ᠶ᠋ᠡᠨ ᠭᠢᠯᠠᠯᠵᠠᠭᠤᠯᠤᠨ ᠪᠠᠢᠨ᠎ᠠ 
ᠪᠣᠰᠤᠭ᠎ᠠ ᠰᠣᠶᠣᠯ ᠤ᠋ᠨ ᠢ᠋ᠶ᠋ᠠᠨ ᠬᠡᠢᠮᠣᠷᠢ ᠶ᠋ᠢ ᠡᠷᠭᠦᠭᠡᠳ 
ᠪᠤᠭᠤᠷᠤᠯ ᠨᠤᠲᠤᠭ ᠢ᠋ᠶ᠋ᠠᠨ ᠮᠠᠨᠳᠤᠭᠤᠯᠤᠨ ᠪᠠᠢᠨ᠎ᠠ 
ᠴᠢᠮᠪᠠᠢ ᠠᠯᠬᠤᠯᠲᠠ ᠪᠠᠷ ᠤᠷᠤᠭᠰᠢᠯᠠᠵᠤ ᠪᠠᠢᠭ᠎ᠠ  
ᠴᠢᠪᠠᠭ᠎ᠠ ᠳᠤᠮᠳᠠᠳᠤ ᠰᠤᠷᠭᠠᠭᠤᠯᠢ ᠮᠢᠨᠢ  
ᠴᠢᠮᠪᠠᠢ ᠠᠯᠬᠤᠯᠲᠠ ᠪᠠᠷ ᠤᠷᠤᠭᠰᠢᠯᠠᠵᠤ ᠪᠠᠢᠭ᠎ᠠ  
ᠴᠢᠪᠠᠭ᠎ᠠ ᠳᠤᠮᠳᠠᠳᠤ ᠰᠤᠷᠭᠠᠭᠤᠯᠢ ᠮᠢᠨᠢ    

ᠰᠠᠨᠠᠭᠰᠠᠨ ᠬᠦᠰᠡᠯᠡᠩ ᠦ᠋ᠨ ᠠᠯᠲᠠᠨ ᠵᠢᠯᠣᠭᠣ ᠶ᠋ᠢ 
ᠰᠣᠳᠣᠨ ᠪᠠᠭᠰᠢ ᠨᠠᠷ ᠠᠳᠬᠤᠭᠤᠯᠤᠨ ᠪᠠᠢᠨ᠎ᠠ 
ᠰᠠᠨᠰᠠᠷ ᠤ᠋ᠨ ᠨᠡᠭᠡᠭᠡᠬᠦ ᠡᠷᠳᠡᠨᠢ ᠶ᠋ᠢᠨ ᠲᠦᠯᠬᠢᠭᠦᠷ ᠢ᠋ 
ᠰᠤᠷᠤᠭᠴᠢ ᠪᠢᠳᠡᠨᠡᠷ ᠡᠵᠡᠮᠰᠢᠨ ᠪᠠᠢᠨ᠎ᠠ 
ᠴᠠᠭ ᠦᠶ᠎ᠡ ᠳ᠋ᠦ᠍ ᠴᠣᠯᠭᠣᠷᠠᠬᠤ ᠳᠠᠷᠬᠠᠨ ᠥᠯᠥᠭᠡᠢ  
ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ 
ᠴᠠᠭ ᠦᠶ᠎ᠡ ᠳ᠋ᠦ᠍ ᠴᠣᠯᠭᠣᠷᠠᠬᠤ ᠳᠠᠷᠬᠠᠨ ᠥᠯᠥᠭᠡᠢ  
ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ 
ᠴᠢᠪᠠᠭ᠎ᠠ ᠮᠣᠩᠭᠣᠯ ᠳᠤᠮᠳᠠᠳᠤ ᠰᠤᠷᠭᠠᠭᠤᠯᠢ ᠮᠢᠨᠢ  

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ 
   ᠮᠣᠩᠭᠣᠯ ᠦᠰᠦᠭ ᠦ᠋ᠨ ᠬᠢᠨᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃