ᠰᠢᠨ᠎ᠡ ᠭᠠᠯᠪᠠ ᠶ᠋ᠢᠨ ᠵᠣᠭᠣᠭ-ᠮᠠᠨᠳᠤᠬᠤ ᠪᠠᠭᠰᠢ ᠶ᠋ᠢᠨ ᠤᠷᠠᠨ ᠪᠢᠴᠢᠯᠭ
ᠰᠢᠨ᠎ᠡ ᠭᠠᠯᠪᠠ ᠶ᠋ᠢᠨ ᠵᠣᠭᠣᠭ
ᠳᠣᠷᠵᠢᠰᠡᠷᠡᠩ
ᠳᠥᠷᠪᠡᠨ ᠵᠦᠭ ᠡᠴᠡ ᠬᠦᠷᠦᠯᠴᠡᠨ ᠢᠷᠡᠵᠦ ᠰᠣᠶᠣᠯ ᠤ᠋ᠨ ᠮᠥᠷ ᠢ᠋ ᠬᠠᠢᠭᠰᠠᠨ
ᠨᠠᠢ᠍ᠮᠠᠨ ᠵᠣᠪᠬᠢᠰ ᠠ᠋ᠴᠠ ᠬᠤᠷᠠᠨ ᠴᠤᠭᠯᠠᠷᠠᠵᠤ ᠤᠬᠠᠭᠠᠨ ᠤ᠋ ᠬᠥᠰᠢᠭᠡ ᠪᠡᠨ ᠰᠡᠬᠦᠭᠰᠡᠨ
ᠠᠷᠪᠠᠨ ᠵᠡᠭᠦᠳᠦᠨ ᠳ᠋ᠡᠭᠡᠨ ᠵᠢᠭᠦᠷ ᠤᠷᠭᠤᠭᠤᠯᠵᠤ ᠠᠯᠤᠰ ᠤ᠋ᠨ ᠵᠠᠮ ᠢ᠋ᠶ᠋ᠠᠨ ᠡᠯᠭᠦᠭᠰᠡᠨ
ᠶᠢᠰᠦᠨ ᠬᠦᠰᠡᠯ ᠳ᠋ᠡᠭᠡᠨ ᠰᠢᠳᠢ ᠣᠷᠣᠰᠢᠭᠤᠯᠵᠤ ᠢᠷᠡᠭᠡᠳᠦᠢ ᠶ᠋ᠢᠨ ᠠᠶᠠᠨ ᠢ᠋ᠶ᠋ᠠᠨ ᠡᠬᠢᠯᠡᠭᠰᠡᠨ᠃
ᠵᠤᠯᠠᠢ ᠵᠤᠯᠠᠢ ᠪᠠᠨ ᠢᠰᠬᠦᠯᠵᠦ ᠨᠢᠭᠡ ᠪᠦᠯᠢ ᠳ᠋ᠦ᠍ ᠲᠥᠷᠥᠭᠰᠡᠨ ᠦᠭᠡᠢ ᠴᠦ᠍
ᠵᠤᠨ ᠵᠤᠨ ᠢ᠋ᠶ᠋ᠠᠷ ᠴᠤᠭᠯᠠᠵᠤ ᠠᠷᠢᠭᠤᠨ ᠰᠠᠢᠬᠠᠨ ᠲᠠᠪᠢᠯᠠᠩ ᠲᠠᠢ
ᠵᠤᠤᠵᠠᠢ ᠵᠤᠤᠵᠠᠢ ᠪᠠᠨ ᠬᠣᠯᠪᠣᠵᠤ ᠨᠢᠭᠡ ᠵᠦᠭ ᠲᠦ᠍ ᠮᠣᠷᠳᠠᠭᠰᠠᠨ ᠦᠭᠡᠢ ᠴᠦ᠍
ᠵᠠᠭᠤᠨ ᠵᠠᠭᠤᠨ ᠢ᠋ᠶ᠋ᠠᠷ ᠳᠤᠷᠠᠰᠬᠤ《 ᠰᠢᠨ᠎ᠡ ᠭᠠᠯᠪᠠ ᠶ᠋ᠢᠨ ᠵᠣᠭᠣᠭ ᠲᠠᠢ》᠃
ᠦᠷ ᠦ᠋ᠨ ᠲᠤᠶᠠᠭ᠎ᠠ ᠬᠠᠷᠠᠭ᠎ᠠ ᠤᠶᠠᠰᠬᠠᠵᠤ ᠥᠷᠯᠥᠭᠡ ᠶ᠋ᠢᠨ ᠰᠠᠢᠬᠠᠨ ᠢ᠋ ᠤᠭᠲᠤᠭᠰᠠᠨ
ᠥᠭᠡᠷᠡᠴᠢᠯᠡᠯᠲᠡ ᠶ᠋ᠢᠨ ᠴᠤᠤᠷᠢᠶ᠎ᠠ ᠰᠣᠨᠣᠷ ᠮᠢᠯᠢᠶᠠᠵᠤ ᠥᠭᠡᠳᠡᠯᠡᠬᠦ ᠶ᠋ᠢᠨ ᠵᠠᠪᠰᠢᠶᠠᠨ ᠢ᠋ ᠣᠯᠭᠣᠭᠰᠠᠨ
ᠥᠷᠭᠡᠨ ᠮᠡᠳᠡᠯᠭᠡ ᠲᠡᠢ ᠡᠷᠳᠡᠮᠲᠡᠨ ᠪᠠᠭᠰᠢ ᠨᠠᠷ ᠠ᠋ᠴᠠ ᠬᠥᠮᠦᠵᠢᠯ ᠰᠤᠷᠭᠠᠯ ᠬᠦᠷᠲᠡᠭᠰᠡᠨ
ᠥᠭᠭᠢᠶᠡᠮᠦᠷ ᠬᠠᠢᠷ᠎ᠠ ᠲᠠᠢ ᠦᠦᠰᠢᠨ ᠨᠤᠲᠤᠭ ᠠ᠋ᠴᠠ ᠥᠪ ᠰᠣᠶᠣᠯ ᠢ᠋ᠶ᠋ᠠᠨ ᠵᠠᠯᠭᠠᠮᠵᠢᠯᠠᠭᠰᠠᠨ᠃
ᠵᠤᠯᠠᠢ ᠵᠤᠯᠠᠢ ᠪᠠᠨ ᠢᠰᠬᠦᠯᠵᠦ ᠨᠢᠭᠡ ᠪᠦᠯᠢ ᠳ᠋ᠦ᠍ ᠲᠥᠷᠥᠭᠰᠡᠨ ᠦᠭᠡᠢ ᠴᠦ᠍
ᠵᠤᠨ ᠵᠤᠨ ᠢ᠋ᠶ᠋ᠠᠷ ᠴᠤᠭᠯᠠᠵᠤ ᠠᠷᠢᠭᠤᠨ ᠰᠠᠢᠬᠠᠨ ᠲᠠᠪᠢᠯᠠᠩ ᠲᠠᠢ
ᠵᠤᠤᠵᠠᠢ ᠵᠤᠤᠵᠠᠢ ᠪᠠᠨ ᠬᠣᠯᠪᠣᠵᠤ ᠨᠢᠭᠡ ᠵᠦᠭ ᠲᠦ᠍ ᠮᠣᠷᠳᠠᠭᠰᠠᠨ ᠦᠭᠡᠢ ᠴᠦ᠍
ᠵᠠᠭᠤᠨ ᠵᠠᠭᠤᠨ ᠢ᠋ᠶ᠋ᠠᠷ ᠳᠤᠷᠠᠰᠬᠤ《 ᠰᠢᠨ᠎ᠡ ᠭᠠᠯᠪᠠ ᠶ᠋ᠢᠨ ᠵᠣᠭᠣᠭ ᠲᠠᠢ》᠃
ᠮᠣᠩᠭᠣᠯ ᠰᠤᠷᠭᠠᠭᠤᠯᠢ ᠶ᠋ᠢᠨ ᠠᠯᠲᠠᠨ ᠬᠠᠭᠤᠳᠠᠰᠤᠨ ᠳ᠋ᠤ᠌ ᠠᠯᠳᠠᠷ ᠨᠡᠷ᠎ᠡ ᠪᠡᠨ ᠮᠠᠨᠳᠤᠭᠤᠯᠤᠭᠰᠠᠨ
ᠮᠣᠩᠭᠣᠯ ᠨᠤᠲᠤᠭ ᠤ᠋ᠨ ᠠᠷᠢᠭᠤᠨ ᠬᠥᠷᠥᠰᠥᠨ ᠳ᠋ᠦ᠍ ᠠᠳᠠᠯ ᠦᠢᠯᠡᠰ ᠢ᠋ᠶ᠋ᠡᠨ ᠪᠣᠰᠬᠠᠭᠰᠠᠨ
ᠮᠣᠩᠭᠣᠯ ᠦᠨᠳᠦᠰᠦᠲᠡᠨ ᠦ᠌ ᠬᠥᠭᠵᠢᠯ ᠳᠠᠪᠰᠢᠯ ᠳ᠋ᠤ᠌ ᠨᠡᠮᠡᠷᠢ ᠬᠠᠨᠳᠢᠪ ᠢ᠋ᠶ᠋ᠠᠨ ᠡᠷᠭᠦᠭᠰᠡᠨ
ᠮᠣᠩᠭᠣᠯ ᠬᠣᠢᠴᠢ ᠶ᠋ᠢᠨ ᠡᠭᠦᠷᠭᠡ ᠬᠠᠷᠢᠭᠤᠴᠠᠯᠭ᠎ᠠ ᠪᠠᠨ ᠭᠠᠨᠵᠤᠭ᠎ᠠ ᠳᠦᠭᠦᠷᠡᠩ ᠪᠡᠶᠡᠯᠡᠭᠦᠯᠦᠭᠰᠡᠨ᠃
ᠵᠤᠯᠠᠢ ᠵᠤᠯᠠᠢ ᠪᠠᠨ ᠢᠰᠬᠦᠯᠵᠦ ᠨᠢᠭᠡ ᠪᠦᠯᠢ ᠳ᠋ᠦ᠍ ᠲᠥᠷᠥᠭᠰᠡᠨ ᠦᠭᠡᠢ ᠴᠦ᠍
ᠵᠤᠨ ᠵᠤᠨ ᠢ᠋ᠶ᠋ᠠᠷ ᠴᠤᠭᠯᠠᠵᠤ ᠠᠷᠢᠭᠤᠨ ᠰᠠᠢᠬᠠᠨ ᠲᠠᠪᠢᠯᠠᠩ ᠲᠠᠢ
ᠵᠤᠤᠵᠠᠢ ᠵᠤᠤᠵᠠᠢ ᠪᠠᠨ ᠬᠣᠯᠪᠣᠵᠤ ᠨᠢᠭᠡ ᠵᠦᠭ ᠲᠦ᠍ ᠮᠣᠷᠳᠠᠭᠰᠠᠨ ᠦᠭᠡᠢ ᠴᠦ᠍
ᠵᠠᠭᠤᠨ ᠵᠠᠭᠤᠨ ᠢ᠋ᠶ᠋ᠠᠷ ᠳᠤᠷᠠᠰᠬᠤ《 ᠰᠢᠨ᠎ᠡ ᠭᠠᠯᠪᠠ ᠶ᠋ᠢᠨ ᠵᠣᠭᠣᠭ ᠲᠠᠢ》᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
