ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠬᠣᠶᠠᠳᠤᠭᠠᠷ ᠪᠦᠯᠦᠭ> ᠭᠤᠷᠪᠠ᠂ Дайчин улсын үеийн монголын түүх-Намсрай 2-3
ᠬᠣᠶᠠᠳᠤᠭᠠᠷ ᠪᠦᠯᠦᠭ᠂ ᠪᠠᠷᠠᠭᠤᠨ ᠮᠣᠩᠭᠣᠯ(ᠣᠢᠷᠠᠳ) ᠪᠣᠯᠤᠨ ᠲᠡᠭᠦᠨ ᠦ᠌ ᠲᠡᠦᠬᠡᠲᠦ ᠬᠥᠳᠡᠯᠭᠡᠭᠡᠨ
ᠭᠤᠷᠪᠠᠳᠤᠭᠠᠷ ᠬᠡᠰᠡᠭ ᠂ ᠬᠠᠯᠬ᠎ᠠ ᠣᠢᠷᠠᠳ ᠤ᠋ᠨ ᠴᠢᠭᠤᠯᠭᠠᠨ ᠵᠢᠴᠢ ᠲᠡᠭᠦᠨ ᠦ᠌ ᠵᠣᠷᠢᠭ ᠰᠠᠨᠠᠭ᠎ᠠ ᠶ᠋ᠢ ᠬᠡᠷᠡᠭᠵᠢᠭᠦᠯᠦᠭᠰᠡᠨ ᠨᠢ
《ᠬᠠᠯᠬ᠎ᠠ ᠣᠢᠷᠠᠳ ᠤ᠋ᠨ ᠴᠠᠭᠠᠵᠠ》
17 ᠳ᠋ᠤᠭᠠᠷ ᠵᠠᠭᠤᠨ ᠤ᠋ ᠡᠬᠢᠨ ᠡᠴᠡ ᠠᠪᠤᠭᠠᠳ ᠶᠧᠨᠢᠰᠡᠢ ᠭᠣᠣᠯ ᠤ᠋ᠨ ᠳᠡᠭᠡᠳᠦ ᠤᠷᠤᠰᠬᠠᠯ ᠳ᠋ᠤ᠌ ᠠᠵᠤ ᠲᠥᠷᠥᠵᠦ ᠪᠠᠢᠭᠰᠠᠨ ᠬᠢᠷᠭᠢᠰ ᠵᠢᠴᠢ ᠣᠷᠣᠨ ᠨᠤᠲᠤᠭ ᠨᠢ ᠬᠠᠷᠢ ᠵᠡᠷᠭᠡᠯᠡᠳᠡᠭᠡ ᠬᠦᠴᠦᠷᠬᠡᠭ ᠠᠢᠮᠠᠭ ᠦᠨᠳᠦᠰᠦᠲᠡᠨ ᠦ᠌ ᠠᠩᠬᠠᠷᠤᠯ ᠢ᠋ ᠲᠠᠲᠠᠵᠤ ᠪᠠᠢᠵᠠᠢ᠃ ᠣᠷᠣᠰ ᠬᠥᠮᠦᠨ ᠪᠣᠯᠤᠨ ᠱᠣᠯᠣᠢ ᠤᠪᠠᠰᠢ ᠬᠣᠩ ᠲᠠᠢᠵᠢ ᠴᠢᠳᠠᠬᠤ ᠳ᠋ᠠᠭᠠᠨ ᠬᠢᠷᠭᠢᠰ ᠢ᠋ ᠥᠪᠡᠷ ᠦ᠋ᠨ ᠢ᠋ᠶ᠋ᠡᠨ ᠬᠠᠷᠢᠶ᠎ᠠ ᠪᠣᠯᠭᠠᠵᠤ ᠠᠯᠪᠠ ᠭᠠᠢᠯᠢ ᠠᠪᠤᠶ᠎ᠠ ᠭᠡᠮᠡᠨ ᠰᠡᠳᠬᠢᠵᠦ ᠪᠠᠢᠭᠰᠠᠨ᠃ ᠣᠢᠷᠠᠳ ᠤ᠋ᠳ ᠪᠠᠰᠠ ᠰᠡᠳᠬᠢᠯ ᠮᠣᠬᠣᠬᠤ ᠦᠭᠡᠢ ᠪᠡᠷ ᠬᠢᠷᠭᠢᠰ ᠦ᠋ᠳ ᠲᠦ᠍ ᠤᠳᠠᠭ᠎ᠠ ᠳᠠᠷᠠᠭ᠎ᠠ ᠪᠠᠷ ᠳᠠᠷᠤᠯᠲᠠ ᠦᠵᠡᠭᠦᠯᠦᠨ ᠥᠪᠡᠷ ᠦ᠋ᠨ ᠢ᠋ᠶ᠋ᠡᠨ ᠵᠦᠭ ᠲᠠᠲᠠᠬᠤ ᠰᠠᠨᠠᠭ᠎ᠠ ᠲᠠᠢ ᠪᠠᠢᠪᠠ᠃
ᠬᠢᠷᠭᠢᠰ ᠬᠥᠮᠦᠨ ᠪᠤᠰᠤᠳ ᠲᠤ᠌ ᠦᠯᠦ ᠬᠠᠷᠢᠶᠠᠯᠠᠭᠳᠠᠬᠤ ᠭᠡᠮᠡᠨ ᠣᠪᠢ ᠭᠣᠣᠯ ᠤ᠋ᠨ ᠤᠷᠤᠰᠬᠠᠯ ᠪᠣᠯᠤᠨ ᠶᠧᠨᠢᠰᠠᠢ ᠭᠣᠣᠯ ᠤ᠋ᠨ ᠳᠡᠭᠡᠳᠦ ᠡᠬᠢ ᠳ᠋ᠦ᠍ ᠣᠷᠣᠰᠢᠭᠠ ᠠᠢᠮᠠᠭ ᠦᠨᠳᠦᠰᠦᠲᠡᠨ ᠲᠡᠢ ᠬᠣᠯᠪᠣᠭᠠᠯᠠᠨ᠂ ᠣᠷᠣᠰ ᠤ᠋ᠨ ᠵᠦᠭ ᠣᠯᠠᠨ ᠤᠳᠠᠭ᠎ᠠ ᠡᠷᠡᠯᠬᠡᠭ ᠲᠡᠮᠡᠴᠡᠯ ᠶᠠᠪᠤᠭᠤᠯᠵᠤ ᠥᠩᠭᠡᠷᠡᠵᠡᠢ᠃ ᠭᠡᠲᠡᠯ᠎ᠡ ᠬᠢᠷᠭᠢᠰᠴᠦᠳ ᠦ᠋ᠨ ᠬᠦᠴᠦᠨ ᠪᠠᠭᠤᠷᠠᠢ ᠪᠣᠯᠬᠣᠷ ᠤᠳᠠᠭ᠎ᠠ ᠳᠠᠷᠠᠭ᠎ᠠ ᠪᠠᠷ ᠢᠯᠠᠭᠳᠠᠯ ᠳ᠋ᠤ᠌ ᠤᠴᠠᠷᠠᠵᠤ ᠪᠠᠢᠭᠰᠠᠨ᠃ ᠡᠢᠨᠬᠦ ᠪᠠᠢᠳᠠᠯ ᠳ᠋ᠤ᠌᠂ ᠠᠯᠢ ᠡᠲᠡᠭᠡᠳ ᠦ᠋ᠨ ᠬᠦᠴᠦ ᠨᠢ ᠶᠡᠬᠡ ᠪᠣᠯ ᠲᠡᠷᠡ ᠵᠦᠭ ᠬᠡᠯᠪᠡᠢᠵᠦ ᠪᠠᠢᠳᠠᠭ᠃ ᠵᠠᠷᠢᠮ ᠳ᠋ᠠᠭᠠᠨ ᠣᠷᠣᠰ ᠬᠥᠮᠦᠨ ᠪᠣᠯᠤᠨ ᠤᠪᠠᠰᠢ ᠬᠣᠩ ᠲᠠᠢᠵᠢ ᠳ᠋ᠤ᠌ ᠬᠠᠮᠲᠤ ᠳ᠋ᠤᠨᠢ ᠠᠯᠪᠠ ᠭᠠᠢᠯᠢ ᠲᠤᠰᠢᠶᠠᠳᠠᠭ ᠪᠠᠢᠭᠰᠠᠨ᠃1634 ᠣᠨ ᠠ᠋ᠴᠠ1636 ᠣᠨ ᠤ᠋ ᠬᠣᠭᠣᠷᠣᠨᠳᠣ᠂ ᠣᠷᠣᠰ ᠤ᠋ᠨ ᠡᠲᠡᠭᠡᠳ ᠡᠴᠡ ᠣᠮᠪᠣ ᠡᠷᠳᠡᠨᠢ ᠬᠣᠩ ᠲᠠᠢᠵᠢ ᠶ᠋ᠢᠨ ᠲᠡᠨᠳᠡ ᠬᠡᠳᠦᠨᠲᠡ ᠡᠯᠴᠢ ᠢᠯᠡᠭᠡᠵᠦ᠂ ᠬᠢᠷᠭᠢᠰ ᠬᠥᠮᠦᠨ ᠡᠴᠡ ᠠᠯᠪᠠ ᠭᠠᠢᠯᠢ ᠬᠤᠷᠢᠶᠠᠵᠤ ᠪᠣᠯᠬᠤ ᠦᠭᠡᠢ ᠭᠡᠵᠦ ᠱᠠᠭᠠᠷᠳᠠᠵᠤ ᠪᠠᠢᠪᠠ᠃ ᠬᠢᠷᠭᠢᠰ ᠣᠷᠣᠨ ᠢ᠋ ᠣᠷᠣᠰ ᠬᠥᠮᠦᠨ ᠳ᠋ᠦ᠍ ᠪᠤᠯᠢᠶᠠᠭᠳᠠᠬᠤ ᠳᠤᠷ᠎ᠠ ᠦᠭᠡᠢ ᠪᠠᠢᠭᠰᠠᠨ ᠣᠮᠪᠣ ᠡᠷᠳᠡᠨᠢ ᠬᠣᠩ ᠲᠠᠢᠵᠢ ᠲᠡᠭᠦᠨ ᠦ᠌ ᠳᠣᠲᠣᠷᠠᠬᠢ ᠳᠠᠶᠠᠨ ᠮᠡᠷᠭᠡᠨ ᠷᠠᠪᠵᠢᠮᠪᠠ ᠯᠠᠮᠠ ᠶ᠋ᠢ ᠬᠢᠷᠭᠢᠰ ᠲᠦ᠍ ᠬᠡᠳᠦᠨᠲᠡ ᠲᠣᠮᠢᠯᠠᠨ ᠣᠷᠣᠰ ᠬᠥᠮᠦᠨ ᠳ᠋ᠦ᠍ ᠳᠠᠭᠠᠵᠤ ᠪᠣᠯᠬᠤ ᠦᠭᠡᠢ ᠭᠡᠵᠦ ᠤᠬᠠᠭᠤᠯᠤᠨ ᠢᠳᠬᠠᠵᠤ ᠪᠠᠢᠵᠠᠢ᠃ ᠲᠡᠷᠡ ᠬᠢᠷᠢ ᠳ᠋ᠦ᠍ ᠬᠢᠷᠭᠢᠰ ᠲᠡᠢ ᠬᠢᠯᠢ ᠨᠡᠢᠯᠡᠵᠦ ᠪᠠᠢᠭᠰᠠᠨ ᠣᠢᠷᠠᠳ ᠤ᠋ᠨ ᠪᠠᠭᠠᠲᠤᠷ ᠬᠣᠩ ᠲᠠᠢᠵᠢ ᠪᠠᠰᠠ ᠬᠢᠷᠭᠢᠰ ᠲᠦ᠍ ᠬᠥᠮᠦᠨ ᠲᠣᠮᠢᠯᠠᠨ ᠬᠥᠳᠡᠯᠭᠡᠭᠡᠨ ᠬᠢᠯᠭᠡᠵᠦ᠂ ᠣᠷᠣᠰ ᠪᠣᠯᠤᠨ ᠣᠮᠪᠣ ᠡᠷᠳᠡᠨᠢ ᠲᠠᠨᠤᠰ ᠢ᠋ ᠳᠠᠷᠤᠯᠠᠪᠠᠰᠤ ᠣᠢᠷᠠᠳ ᠠ᠋ᠴᠠ ᠴᠡᠷᠢᠭ ᠢᠯᠡᠭᠡᠵᠦ ᠬᠠᠪᠰᠤᠷᠤᠶ᠎ᠠ ᠭᠡᠮᠡᠨ [34] ᠪᠠᠲᠤᠯᠠᠵᠤ ᠪᠠᠢᠪᠠ ᠃ ᠲᠡᠭᠦᠨᠴᠡ ᠬᠢᠷᠭᠢᠰ ᠬᠥᠮᠦᠨ ᠣᠢᠷᠠᠳ ᠢ᠋ ᠲᠦᠰᠢᠭᠯᠡᠶᠡ ᠭᠡᠮᠡᠨ ᠢᠯᠡᠳᠬᠡᠵᠡᠢ᠃ ᠡᠨᠡᠬᠦ ᠶᠠᠪᠤᠳᠠᠯ ᠨᠢ ᠬᠠᠯᠬ᠎ᠠ ᠶ᠋ᠢᠨ ᠣᠮᠪᠣ ᠡᠷᠳᠡᠨᠢ ᠬᠣᠩ ᠲᠠᠢᠵᠢ ᠶ᠋ᠢ ᠮᠠᠰᠢ ᠠᠭᠤᠷᠯᠠᠭᠤᠯᠪᠠ᠃
1636 ᠣᠨ ᠤ᠋ ᠵᠤᠨ᠂ ᠣᠮᠪᠣ ᠡᠷᠳᠡᠨᠢ ᠬᠣᠩ ᠲᠠᠢᠵᠢ ᠶᠡᠬᠡ ᠴᠡᠷᠢᠭ ᠳᠠᠢᠴᠢᠯᠠᠨ ᠣᠢᠷᠠᠳ ᠢ᠋ ᠳᠠᠢᠯᠠᠭᠰᠠᠨ ᠪᠣᠯᠪᠠᠴᠤ᠂ ᠰᠠᠢᠨ ᠬᠢᠶ᠎ᠡ ᠶ᠋ᠢᠨ ᠭᠠᠢᠬᠠᠮᠰᠢᠭᠲᠤ ᠠᠷᠭ᠎ᠠ ᠪᠠᠷ ᠬᠣᠶᠠᠷ ᠡᠲᠡᠭᠡᠳ ᠨᠠᠢᠷᠠᠮᠳᠠᠨ ᠡᠶᠡᠳᠡᠪᠡ᠃ ᠲᠡᠦᠬᠡᠨ ᠳᠡᠭᠡᠷ᠎ᠡ ᠡᠭᠦᠨ ᠢ᠋ ᠭᠠᠯ ᠬᠤᠯᠤᠭᠠᠨ᠎ᠠ ᠵᠢᠯ ᠦ᠋ᠨ ᠲᠡᠢᠨ ᠭᠡᠳᠡᠭ᠃ ᠬᠠᠯᠬ᠎ᠠ ᠣᠢᠷᠠᠳ ᠭᠠᠷ ᠪᠠᠷᠢᠯᠴᠠᠨ ᠨᠠᠢᠷᠠᠮᠳᠠᠭᠰᠠᠨ ᠨᠢ ᠭᠡᠨᠡᠳᠲᠡ ᠶ᠋ᠢᠨ ᠶᠠᠪᠤᠳᠠᠯ ᠪᠢᠰᠢ᠂ ᠬᠠᠷᠢᠨ ᠲᠡᠳᠡᠨᠦᠰ ᠦ᠋ᠨ ᠭᠠᠳᠠᠭᠠᠳᠤ ᠣᠷᠴᠢᠨ ᠨᠢᠭᠡᠨᠲᠡ ᠶᠡᠬᠡ ᠬᠤᠪᠢᠷᠠᠯᠲᠠ ᠭᠠᠷᠤᠭᠠᠳ᠂ ᠬᠠᠯᠬ᠎ᠠ ᠣᠢᠷᠠᠳ ᠢ᠋ ᠨᠥᠬᠥᠷᠯᠡᠯ ᠵᠦᠭ ᠠᠬᠢᠭᠤᠯᠤᠨ ᠬᠠᠮᠵᠢᠯᠴᠠᠬᠤ ᠵᠠᠮ ᠳ᠋ᠤ᠌ ᠣᠷᠣᠭᠤᠯᠵᠠᠢ᠃
1636 ᠣᠨ ᠳ᠋ᠤ᠌᠂ ᠭᠣᠪᠢ ᠶ᠋ᠢᠨ ᠡᠮᠦᠨᠡᠬᠢ ᠠᠷᠪᠠᠨ ᠵᠢᠷᠭᠤᠭᠠᠨ ᠠᠢᠮᠠᠭ ᠤ᠋ᠨ ᠳᠥᠴᠢ ᠶᠢᠰᠦᠨ ᠮᠣᠩᠭᠣᠯ ᠲᠠᠢᠵᠢ ᠨᠠᠷ ᠮᠦᠭᠳᠡᠨ ᠳ᠋ᠦ᠍ ᠴᠤᠭᠯᠠᠷᠠᠨ ᠬᠣᠩ ᠲᠠᠢᠵᠢ ᠶ᠋ᠢ ᠪᠣᠭᠳᠠ ᠰᠡᠴᠡᠨ ᠬᠠᠭᠠᠨ ᠭᠡᠮᠡᠨ ᠮᠡᠳᠡᠷᠡᠪᠡ᠃ ᠮᠥᠨ ᠣᠨ ᠳ᠋ᠤ᠌ ᠬᠠᠯᠬ᠎ᠠ ᠶ᠋ᠢᠨ ᠰᠡᠴᠡᠨ ᠬᠠᠭᠠᠨ ᠮᠠᠬᠠᠰᠠᠮᠠᠳᠠᠢ᠂ ᠦᠵᠦᠮᠦᠴᠢᠨ ᠦ᠌ ᠰᠡᠴᠡᠨ ᠵᠢᠨᠦᠩ᠂ ᠬᠠᠭᠤᠴᠢᠳ ᠤ᠋ᠨ ᠰᠡᠷᠡᠩ ᠢᠯᠲᠠᠩ ᠲᠤᠰᠢᠶᠠᠲᠦ ᠨᠠᠷ ᠲᠠᠢ ᠬᠠᠮᠰᠠ ᠦᠢᠵᠡᠩ ᠯᠠᠮᠠ ᠶ᠋ᠢ ᠮᠦᠭᠳᠡᠨ ᠳ᠋ᠦ᠍ ᠢᠯᠡᠭᠡᠵᠦ ᠪᠠᠢᠳᠠᠯ ᠢ᠋ ᠰᠢᠨᠵᠢᠯᠡᠵᠦ ᠯᠠᠪᠯᠠᠵᠠᠢ᠃ ᠬᠠᠯᠬ᠎ᠠ ᠶ᠋ᠢᠨ ᠰᠡᠴᠡᠨ ᠬᠠᠨ ᠢ᠋ ᠮᠢᠩ ᠤᠯᠤᠰ ᠲᠠᠢ ᠠᠷᠠᠯᠵᠢᠶ᠎ᠠ ᠬᠢᠯ᠎ᠡ ᠭᠡᠮᠡᠨ ᠮᠠᠨᠵᠤ ᠶ᠋ᠢᠨ ᠬᠣᠩ ᠲᠠᠢᠵᠢ ᠪᠤᠷᠤᠭᠤᠰᠢᠶᠠᠨ᠂ ᠮᠢᠩ ᠤᠯᠤᠰ ᠲᠠᠢ ᠬᠠᠷᠢᠴᠠᠭ᠎ᠠ ᠪᠠᠨ ᠲᠠᠰᠤᠯᠬᠤ ᠦᠭᠡᠢ ᠪᠣᠯ ᠨᠠᠢᠷᠠᠮᠳᠠᠬᠤ ᠦᠭᠡᠢ ᠭᠡᠵᠦ ᠰᠡᠴᠡᠨ ᠬᠠᠨ ᠢ᠋ ᠰᠦᠷᠳᠡᠭᠦᠯᠵᠦ ᠪᠠᠢᠭᠰᠠᠨ᠃ 1638 ᠣᠨ ᠳ᠋ᠤ᠌᠂ ᠬᠠᠯᠬ᠎ᠠ ᠶ᠋ᠢᠨ ᠵᠠᠰᠠᠭᠲᠤ ᠬᠠᠨ ᠰᠤᠪᠠᠳᠠᠢ ᠴᠡᠷᠢᠭ ᠳᠠᠢᠴᠢᠯᠠᠨ ᠬᠥᠬᠡᠬᠣᠲᠠ ᠶ᠋ᠢᠨ ᠠᠷᠤ ᠳ᠋ᠤ᠌ ᠬᠦᠷᠴᠦ᠂ ᠮᠢᠩ ᠤᠯᠤᠰ ᠲᠠᠢ ᠠᠷᠠᠯᠵᠢᠶ᠎ᠠ ᠬᠢᠬᠦ ᠶ᠋ᠢ ᠣᠷᠣᠯᠳᠣᠪᠠ᠃ ᠭᠡᠪᠡᠴᠦ ᠴᠢᠩ ᠤᠯᠤᠰ ᠰᠡᠷᠭᠡᠢᠯᠡᠬᠦ ᠴᠡᠷᠢᠭ ᠭᠠᠷᠭᠠᠭᠰᠠᠨ ᠢ᠋ ᠮᠡᠳᠡᠭᠡᠳ ᠲᠡᠷᠡ ᠨᠤᠲᠤᠭ ᠵᠦᠭ ᠢ᠋ᠶ᠋ᠡᠨ ᠡᠷᠭᠢᠵᠡᠢ᠃ ᠴᠢᠩ ᠤᠯᠤᠰ ᠠ᠋ᠴᠠ ᠵᠠᠰᠠᠭᠲᠤ ᠬᠠᠨ ᠰᠤᠪᠠᠳᠠᠢ ᠳ᠋ᠤ᠌ ᠡᠯᠴᠢ ᠲᠣᠮᠢᠯᠠᠨ᠄ ᠬᠠᠯᠬᠠᠴᠤᠳ ᠳᠠᠭᠠᠬᠤ ᠶ᠋ᠢ ᠬᠦᠰᠡᠬᠦ ᠦᠭᠡᠢ᠂ ᠬᠠᠷᠢᠨ ᠴᠡᠷᠢᠭ ᠢᠯᠡᠭᠡᠵᠦ ᠮᠢᠨᠦ ᠬᠥᠬᠡᠬᠣᠲᠠ ᠲᠠᠢ ᠬᠠᠯᠳᠠᠬᠤ ᠠᠨᠤ ᠲᠠᠨᠤᠰ ᠤ᠋ᠨ ᠬᠤᠪᠢ ᠪᠤᠰᠤ ᠶᠠᠪᠤᠳᠠᠯ ᠪᠣᠯᠠᠢ᠂ ᠲᠠᠨᠤᠰ ᠬᠣᠯᠠ ᠳᠤᠲᠠᠭᠠᠶ᠎ᠠ ᠬᠡᠮᠡᠪᠡᠰᠦ ᠲᠠᠨ ᠤ᠋ ᠬᠦᠷᠴᠦ ᠴᠢᠳᠠᠬᠤ ᠭᠠᠵᠠᠷ ᠮᠢᠨᠦ ᠴᠡᠷᠢᠭ ᠪᠠᠰᠠ ᠬᠦᠷᠴᠦ ᠴᠢᠳᠠᠮᠤᠢ᠂ ᠣᠰᠣᠯ ᠳ᠋ᠠᠭᠠᠨ ᠭᠡᠮᠰᠢᠨ ᠢᠷᠡᠵᠦ ᠳᠠᠭᠠᠭᠲᠤᠨ [35] ᠭᠡᠵᠦ ᠰᠦᠷᠳᠡᠭᠦᠯᠦᠨ ᠬᠡᠯᠡᠵᠡᠢ᠃
ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠢ᠋ ᠡᠷᠬᠡᠰᠢᠶᠡᠯ ᠳ᠋ᠡᠭᠡᠨ ᠣᠷᠣᠭᠤᠯᠤᠨ ᠬᠠᠯᠬ᠎ᠠ ᠶ᠋ᠢᠨ ᠵᠦᠭ ᠰᠦᠷ ᠦᠵᠡᠭᠦᠯᠦᠭᠰᠡᠨ ᠨᠢ ᠳᠣᠯᠣᠭᠠᠨ ᠬᠣᠰᠢᠭᠤ ᠬᠠᠯᠬ᠎ᠠ ᠶ᠋ᠢ ᠰᠣᠴᠢᠭᠠᠪᠠ᠃ ᠡᠢᠨᠬᠦ ᠲᠤᠯᠭᠠᠮ᠎ᠠ ᠪᠠᠢᠳᠠᠯ ᠳᠣᠣᠷ᠎ᠠ᠂ ᠵᠠᠰᠠᠭᠲᠤ ᠬᠠᠨ ᠲᠡᠷᠢᠭᠦᠲᠡᠢ ᠬᠠᠯᠬ᠎ᠠ ᠶ᠋ᠢᠨ ᠬᠠᠳ ᠨᠣᠶᠠᠳ ᠤᠯᠠᠮ ᠢ᠋ᠶ᠋ᠠᠷ ᠨᠢᠭᠲᠠᠷᠠᠨ ᠬᠠᠮᠵᠢᠯᠴᠠᠵᠤ᠂ ᠬᠠᠮᠲᠤ ᠶ᠋ᠢᠨ ᠬᠦᠴᠦᠨ ᠢ᠋ᠶ᠋ᠡᠷ ᠬᠠᠷᠢ ᠶ᠋ᠢᠨ ᠳᠠᠢᠰᠤᠨ ᠢ᠋ ᠰᠡᠷᠭᠡᠢᠯᠡᠬᠦ ᠠᠷᠭ᠎ᠠ ᠬᠡᠮᠵᠢᠶ᠎ᠡ ᠶ᠋ᠢ ᠪᠣᠳᠣᠯᠬᠢᠯᠠᠬᠤ ᠴᠢᠬᠤᠯᠠ ᠲᠠᠢ ᠪᠣᠯᠵᠠᠢ᠃ ᠵᠠᠰᠠᠭᠲᠤ ᠬᠠᠨ ᠵᠢᠴᠢ ᠮᠣᠩᠭᠣᠯ ᠣᠷᠣᠨ ᠳ᠋ᠤ᠌ ᠬᠥᠳᠡᠯᠭᠡᠭᠡᠨ ᠬᠢᠵᠦ ᠪᠠᠢᠭᠰᠠᠨ ᠰᠢᠷ᠎ᠠ ᠶ᠋ᠢᠨ ᠱᠠᠰᠢᠨ ᠤ᠋ ᠬᠤᠲᠤᠭᠲᠤ ᠨᠠᠷ ᠴᠢᠭᠤᠯᠭᠠᠨ ᠬᠢᠬᠦ ᠶ᠋ᠢ ᠢᠳᠡᠪᠬᠢᠲᠡᠢ ᠵᠣᠷᠢᠵᠤ᠂ ᠮᠣᠩᠭᠣᠯ ᠣᠢᠷᠠᠳ ᠤ᠋ᠨ ᠬᠠᠨ ᠲᠠᠢᠵᠢ ᠨᠠᠷ ᠲᠤ ᠥᠷᠭᠡᠨ ᠳᠡᠯᠭᠡᠷ ᠢ᠋ᠶ᠋ᠡᠷ ᠤᠬᠠᠭᠤᠯᠪᠠ᠃ ᠡᠨᠡᠬᠦ ᠤᠷᠢᠶᠠᠯᠠᠭ᠎ᠠ ᠶ᠋ᠢ ᠬᠠᠯᠬ᠎ᠠ ᠶ᠋ᠢᠨ ᠬᠠᠳ ᠨᠣᠶᠠᠳ ᠢᠳᠡᠪᠬᠢᠲᠡᠢ ᠬᠦᠷᠢᠶᠡᠯᠡᠭᠰᠡᠨ ᠢ᠋ᠶ᠋ᠡᠷ ᠦᠯᠦ ᠪᠠᠷᠠᠨ᠂ ᠬᠥᠬᠡᠨᠠᠭᠤᠷ ᠤ᠋ᠨ ᠭᠦᠦᠰᠢ ᠬᠠᠨ᠂ ᠢᠵᠢᠯ ᠲᠣᠷᠭᠤᠳ ᠤ᠋ᠨ ᠬᠣ ᠥᠷᠯᠥᠭ᠂ ᠸᠴᠢᠷᠪᠠᠲᠤ ᠴᠡᠴᠡᠨ ᠲᠠᠢᠵᠢ᠂ ᠪᠠᠭᠠᠲᠤᠷ ᠬᠣᠩ ᠲᠠᠢᠵᠢ ᠵᠡᠷᠭᠡ ᠣᠢᠷᠠᠳ ᠤ᠋ᠨ ᠨᠣᠶᠠᠳ ᠪᠠᠰᠠ ᠬᠦᠷᠢᠶᠡᠯᠡᠨ ᠴᠤᠤᠷᠢᠶᠠᠲᠤᠵᠠᠢ᠃ ᠲᠤᠰ ᠴᠢᠭᠤᠯᠭᠠᠨ ᠠᠴᠢ ᠬᠣᠯᠪᠣᠭᠳᠠᠯ ᠢ᠋ᠶ᠋ᠠᠷ ᠭᠦᠨ ᠪᠥᠭᠡᠳ ᠬᠦᠨᠳᠦ ᠴᠢᠬᠤᠯᠠ ᠲᠥᠷᠥ ᠶ᠋ᠢᠨ ᠶᠠᠪᠤᠳᠠᠯ ᠢ᠋ ᠶᠠᠷᠢᠯᠴᠠᠨ ᠪᠠᠲᠤᠯᠠᠬᠤ ᠲᠤᠯᠠ ᠴᠢᠩ ᠤᠯᠤᠰ ᠤ᠋ᠨ ᠬᠥᠮᠦᠨ ᠦ᠌ ᠨᠢᠳᠦ ᠴᠢᠬᠢ ᠡᠴᠡ ᠬᠣᠯᠠ ᠭᠠᠵᠠᠷ ᠢ᠋ ᠰᠣᠩᠭᠣᠪᠠ᠃ ᠳᠠᠷᠤᠢ ᠸᠴᠢᠷᠪᠠᠲᠤ ᠴᠡᠴᠡᠨ ᠦ᠌ ᠬᠠᠷᠢᠶᠠᠲᠤ ᠣᠷᠣᠨ ᠤ᠋ ᠲᠠᠷᠪᠠᠭᠠᠲᠠᠢ ᠶ᠋ᠢᠨ ᠤᠯᠠᠭᠠᠨ ᠪᠡᠯᠴᠢᠭᠡᠷ ᠢ᠋ᠶ᠋ᠡᠷ ᠴᠢᠭᠤᠯᠭᠠᠨ ᠤ᠋ ᠭᠠᠵᠠᠷ ᠪᠣᠯᠭᠠᠪᠠ᠃
1640 ᠣᠨ ᠤ᠋ ᠶᠢᠰᠦᠳᠦᠭᠡᠷ ᠰᠠᠷ᠎ᠠ ᠳ᠋ᠤ᠌᠂ ᠲᠠᠷᠪᠠᠭᠠᠲᠠᠢ ᠠᠭᠤᠯᠠ ᠶ᠋ᠢᠨ ᠡᠮᠦᠨ᠎ᠡ ᠪᠠᠯ ᠳ᠋ᠠᠬᠢ ᠤᠯᠠᠭᠠᠨ ᠪᠡᠯᠴᠢᠭᠡᠷ ᠲᠦ᠍ ᠬᠠᠯᠬ᠎ᠠ ᠣᠢᠷᠠᠳ ᠤ᠋ᠨ ᠬᠠᠨ᠂ ᠬᠣᠩ ᠲᠠᠢᠵᠢ᠂ ᠵᠢᠨᠦᠩ ᠵᠡᠷᠭᠡ ᠬᠣᠷᠢᠨ ᠳᠣᠯᠣᠭᠠᠨ ᠶᠡᠬᠡ ᠴᠣᠯᠠᠲᠠᠨ ᠵᠠᠯᠠᠷᠠᠨ ᠢᠷᠡᠵᠦ ᠴᠢᠭᠤᠯᠭᠠᠨ ᠦᠪᠡᠳᠡᠭᠰᠢ ᠶᠡᠬᠡ ᠪᠡᠷ ᠡᠬᠢᠯᠡᠵᠡᠢ᠃ ᠰᠢᠷ᠎ᠠ ᠶ᠋ᠢᠨ ᠱᠠᠰᠢᠨ ᠤ᠋ ᠡᠲᠡᠭᠡᠳ ᠡᠴᠡ ᠵᠠᠩᠭᠢᠶ᠎ᠠ ᠬᠤᠲᠤᠭᠲᠤ ᠬᠠᠮᠪᠤ ᠨᠣᠮᠣᠨ ᠬᠠᠨ᠂ ᠽᠠᠶ᠎ᠠ ᠪᠠᠨᠳᠢᠳᠠ ᠨᠠᠷ ᠮᠣᠷᠢᠯᠠᠨ ᠢᠷᠡᠭᠡᠳ ᠴᠢᠭᠤᠯᠭᠠᠨ ᠤ᠋ ᠠᠴᠢ ᠬᠣᠯᠪᠣᠭᠳᠠᠯ ᠳ᠋ᠤ᠌ ᠥᠩᠭᠡ ᠪᠣᠳᠣᠭ ᠨᠡᠮᠡᠭᠳᠡᠭᠦᠯᠪᠡ᠃ ᠢᠵᠢᠯ ᠮᠥᠷᠡᠨ ᠦ᠌ ᠲᠣᠷᠭᠤᠳ ᠤ᠋ᠨ ᠬᠣ ᠥᠷᠯᠥᠭ᠂ ᠬᠥᠬᠡᠨᠠᠭᠤᠷ ᠤ᠋ᠨ ᠭᠦᠦᠰᠢ ᠬᠠᠨ ᠪᠠᠰᠠ ᠬᠦᠷᠦᠯᠴᠡᠨ ᠢᠷᠡᠵᠡᠢ᠃ ᠡᠨᠡᠬᠦ ᠴᠢᠭᠤᠯᠭᠠᠨ ᠳ᠋ᠤ᠌᠂ ᠴᠢᠩ ᠤᠯᠤᠰ ᠤ᠋ᠨ ᠨᠣᠶᠠᠷᠬᠠᠭᠴᠢᠳ ᠭᠣᠪᠢ ᠶ᠋ᠢᠨ ᠡᠮᠦᠨᠡᠬᠢ ᠮᠣᠩᠭᠣᠯᠴᠤᠳ ᠢ᠋ ᠡᠷᠬᠡᠰᠢᠶᠡᠯ ᠳ᠋ᠡᠭᠡᠨ ᠣᠷᠣᠭᠤᠯᠵᠤ᠂ ᠬᠠᠯᠬ᠎ᠠ ᠣᠢᠷᠠᠳ ᠤ᠋ᠨ ᠵᠦᠭ ᠠᠩᠬᠠᠷᠤᠯ ᠢ᠋ᠶ᠋ᠠᠨ ᠬᠠᠨᠳᠤᠭᠤᠯᠤᠭᠰᠠᠨ ᠲᠤᠯᠭᠠᠮ᠎ᠠ ᠪᠠᠢᠳᠠᠯ ᠢ᠋ ᠥᠷᠭᠡᠨ ᠳᠡᠯᠭᠡᠷ ᠢ᠋ᠶ᠋ᠡᠷ ᠶᠠᠷᠢᠯᠴᠠᠭᠰᠠᠨ ᠨᠢ ᠯᠠᠪᠲᠠᠢ ᠪᠢᠯᠡ᠃ ᠡᠨᠡᠬᠦ ᠰᠠᠭᠤᠷᠢ ᠳᠡᠭᠡᠷ᠎ᠡ ᠮᠣᠩᠭᠣᠯ ᠣᠢᠷᠠᠳ ᠤ᠋ᠳ ᠨᠢᠭᠡᠳᠦᠨ ᠪᠦᠯᠬᠦᠮᠳᠡᠵᠦ᠂ ᠬᠠᠮᠲᠤ ᠶ᠋ᠢᠨ ᠳᠠᠢᠰᠤᠨ ᠢ᠋ ᠰᠡᠷᠭᠡᠢᠯᠡᠬᠦ ᠶ᠋ᠢᠨ ᠲᠥᠯᠥᠭᠡ ᠵᠣᠷᠢᠭ ᠰᠠᠨᠠᠭ᠎ᠠ ᠦᠢᠯᠡ ᠠᠵᠢᠯᠯᠠᠭ᠎ᠠ ᠪᠠᠨ ᠨᠢᠭᠡᠳᠬᠡᠬᠦ ᠶ᠋ᠢ ᠬᠠᠤᠯᠢ ᠴᠠᠭᠠᠵᠠ ᠪᠠᠷ ᠪᠠᠲᠤᠯᠠᠬᠤ ᠴᠢᠬᠤᠯᠠ ᠲᠠᠢ ᠪᠠᠢᠪᠠ᠃ ᠲᠡᠭᠦᠨᠴᠡ《ᠬᠠᠯᠬ᠎ᠠ ᠣᠢᠷᠠᠳ ᠤ᠋ᠨ ᠴᠠᠭᠠᠵᠠ》 ᠶ᠋ᠢ ᠴᠢᠭᠤᠯᠭᠠᠨ ᠳᠠᠶᠠᠭᠠᠷ ᠶᠠᠷᠢᠯᠴᠠᠵᠤ ᠪᠠᠲᠤᠯᠠᠨ ᠲᠣᠭᠲᠠᠭᠠᠵᠠᠢ᠃
ᠡᠨᠡᠬᠦ ᠴᠠᠭᠠᠵᠠ ᠶ᠋ᠢᠨ ᠪᠢᠴᠢᠭ ᠲᠦ᠍ ᠬᠠᠯᠬ᠎ᠠ ᠣᠢᠷᠠᠳ ᠤ᠋ᠨ ᠤᠯᠤᠰ ᠲᠥᠷᠥ᠂ ᠠᠵᠤ ᠠᠬᠤᠢ᠂ ᠴᠡᠷᠢᠭ ᠦ᠋ᠨ ᠶᠠᠪᠤᠳᠠᠯ᠂ ᠰᠣᠶᠣᠯ᠂ ᠱᠠᠰᠢᠨ ᠰᠤᠷᠲᠠᠬᠤᠨ᠂ ᠵᠠᠩ ᠳᠠᠳᠬᠠᠯ ᠮᠡᠲᠦ ᠶ᠋ᠢᠨ ᠡᠯ᠎ᠡ ᠲᠠᠯ᠎ᠠ ᠶ᠋ᠢ ᠬᠠᠮᠤᠷᠴᠠᠢ᠃
ᠬᠠᠯᠬ᠎ᠠ ᠣᠢᠷᠠᠳ ᠤ᠋ᠨ ᠨᠣᠶᠠᠳ ᠤ᠋ᠳ ᠡᠨᠡ ᠮᠡᠲᠦ ᠶᠡᠬᠡ ᠴᠢᠭᠤᠯᠭᠠᠨ ᠢ᠋ᠶ᠋ᠠᠷ ᠴᠢᠬᠤᠯᠠ ᠬᠠᠤᠯᠢ ᠴᠠᠭᠠᠵᠠ ᠶ᠋ᠢ ᠪᠠᠲᠤᠯᠠᠨ ᠲᠣᠭᠲᠠᠭᠠᠭᠰᠠᠨ ᠨᠢ ᠵᠥᠪᠬᠡᠨ ᠹᠧᠣᠳᠠᠯ ᠤ᠋ᠨ ᠡᠮᠬᠢ ᠵᠢᠷᠤᠮ ᠢ᠋ᠶ᠋ᠠᠨ ᠪᠠᠲᠤᠳᠬᠠᠵᠤ᠂ ᠨᠣᠶᠠᠷᠬᠠᠯ ᠢ᠋ᠶ᠋ᠠᠨ ᠴᠢᠩᠭᠠᠳᠬᠠᠬᠤ ᠭᠡᠰᠡᠨ ᠪᠢᠰᠢ᠂ ᠬᠠᠷᠢᠨ ᠲᠦᠭᠰᠢᠭᠦᠷᠢᠲᠡᠢ ᠪᠠᠢᠳᠠᠯ ᠳ᠋ᠤ᠌ ᠴᠢᠭᠯᠡᠭᠦᠯᠦᠨ ᠵᠣᠷᠢᠭ ᠰᠠᠨᠠᠭ᠎ᠠ᠂ ᠦᠢᠯᠡ ᠠᠵᠢᠯᠯᠠᠭ᠎ᠠ ᠪᠠᠨ ᠨᠢᠭᠡᠳᠬᠡᠵᠦ᠂ ᠬᠠᠮᠲᠤ ᠶ᠋ᠢᠨ ᠬᠦᠴᠦ ᠪᠡᠷ ᠬᠠᠷᠢ ᠶ᠋ᠢᠨ ᠳᠠᠢᠰᠤᠨ ᠢ᠋ ᠡᠰᠡᠷᠭᠦᠴᠡᠨ ᠲᠤᠰᠠᠭᠠᠷ ᠲᠣᠭᠲᠠᠨᠢᠯ ᠢ᠋ᠶ᠋ᠠᠨ ᠪᠡᠬᠢᠵᠢᠭᠦᠯᠦᠨ ᠬᠠᠮᠠᠭᠠᠯᠠᠬᠤ ᠭᠡᠵᠡᠢ᠃ ᠲᠡᠢᠮᠦ ᠡᠴᠡ《ᠬᠠᠯᠬ᠎ᠠ ᠣᠢᠷᠠᠳ ᠤ᠋ᠨ ᠴᠠᠭᠠᠵᠠ》 ᠳ᠋ᠤ᠌᠂ ᠬᠠᠯᠬ᠎ᠠ ᠣᠢᠷᠠᠳ ᠬᠠᠷᠢᠯᠴᠠᠨ ᠬᠣᠯᠪᠣᠭᠠᠯᠠᠵᠤ᠂ ᠬᠠᠷᠢᠯᠴᠠᠨ ᠲᠤᠰᠠᠯᠠᠯᠴᠠᠨ᠂ ᠵᠣᠷᠢᠭ ᠰᠠᠨᠠᠭ᠎ᠠ ᠪᠠ ᠠᠵᠢᠯᠯᠠᠭ᠎ᠠ ᠪᠠᠨ ᠨᠢᠭᠡᠳᠬᠡᠬᠦ ᠶ᠋ᠢ ᠬᠠᠤᠯᠢ ᠶᠣᠰᠣᠭᠠᠷ ᠪᠠᠲᠤᠯᠠᠨ ᠲᠣᠭᠲᠠᠭᠠᠪᠠ᠃ ᠲᠡᠳᠡ ᠡᠨᠡᠬᠦ ᠵᠣᠷᠢᠭ ᠰᠠᠨᠠᠭ᠎ᠠ ᠶ᠋ᠢ ᠬᠠᠮᠤᠭ ᠤ᠋ᠨ ᠴᠢᠬᠤᠯᠠ ᠠᠭᠤᠯᠭ᠎ᠠ ᠪᠣᠯᠭᠠᠵᠤ《ᠬᠠᠯᠬ᠎ᠠ ᠣᠢᠷᠠᠳ ᠤ᠋ᠨ ᠴᠠᠭᠠᠵᠠ》 ᠶ᠋ᠢᠨ ᠬᠠᠮᠤᠭ ᠤ᠋ᠨ ᠡᠮᠦᠨᠡᠬᠢ ᠳᠥᠷᠪᠡᠨ ᠵᠤᠷᠪᠤᠰ ᠲᠤ ᠣᠷᠣᠭᠤᠯᠵᠠᠢ᠃
《ᠴᠠᠭᠠᠵᠠ》 ᠶ᠋ᠢᠨ ᠨᠢᠭᠡᠳᠦᠭᠡᠷ ᠵᠤᠷᠪᠤᠰ ᠪᠣᠯᠤᠨ ᠳᠥᠷᠪᠡᠳᠦᠭᠡᠷ ᠵᠤᠷᠪᠤᠰ ᠲᠤ᠂《ᠠᠯᠢᠪᠠ ᠬᠥᠮᠦᠨ ᠡᠨᠡ ᠲᠥᠷᠥ ᠶ᠋ᠢ ᠡᠪᠳᠡᠨ᠂ ᠶᠡᠬᠡ ᠠᠢᠮᠠᠭ ᠤᠯᠤᠰ ᠢ᠋ ᠠᠯᠠᠵᠤ ᠲᠡᠯᠡᠵᠦ ᠠᠪᠤᠪᠠᠰᠤ᠂ ᠮᠣᠩᠭᠣᠯ ᠣᠢᠷᠠᠳ ᠬᠣᠶᠠᠷ ᠨᠢᠭᠡᠳᠦᠭᠡᠳ》 ᠭᠡᠮᠡᠨ ᠪᠠ《ᠮᠣᠩᠭᠣᠯ ᠣᠢᠷᠠᠳ ᠲᠤ ᠳᠠᠢᠰᠤᠨ ᠢᠷᠠᠪᠠᠰᠤ ᠬᠡᠯᠡ ᠥᠭ᠃ ᠲᠡᠷᠡ ᠬᠡᠯᠡ ᠶ᠋ᠢ ᠰᠣᠨᠣᠰᠴᠤ ᠪᠠᠢᠵᠤ᠂ ᠵᠠᠬ᠎ᠠ ᠶ᠋ᠢᠨ ᠶᠡᠬᠡ ᠨᠣᠶᠠᠳ ᠡᠰᠡ ᠢᠷᠡᠪᠡᠰᠦ ᠵᠠᠭᠤᠨ ᠬᠤᠶᠠᠭ᠂ ᠵᠠᠭᠤᠨ ᠲᠡᠮᠡᠭᠡ᠂ ᠮᠢᠩᠭᠠᠨ ᠠᠳᠤᠭᠤ ᠠᠪᠬᠤ᠃ ᠪᠠᠭ᠎ᠠ ᠨᠣᠶᠠᠨ ᠡᠰᠡ ᠢᠷᠡᠪᠡᠰᠦ ᠠᠷᠪᠠᠨ ᠬᠤᠶᠠᠭ᠂ ᠠᠷᠪᠠᠨ ᠲᠡᠮᠡᠭᠡ᠂ ᠵᠠᠭᠤᠨ ᠠᠳᠤᠭᠤ ᠠᠪᠬᠤ ᠪᠣᠯᠪᠠ》 ᠭᠡᠵᠦ ᠲᠣᠭᠲᠠᠭᠠᠪᠠ᠃ ᠡᠳᠡᠭᠡᠷ ᠲᠣᠭᠲᠠᠭᠠᠯ ᠳ᠋ᠤ᠌ ᠲᠡᠢᠨ ᠳᠠᠵᠢᠨ ᠲᠤᠯᠭᠠᠷᠠᠬᠤ ᠦᠶ᠎ᠡ ᠳ᠋ᠦ᠍ ᠬᠠᠯᠬ᠎ᠠ ᠣᠢᠷᠠᠳ ᠢ᠋ ᠨᠢᠭᠡᠳᠬᠡᠵᠦ ᠬᠠᠷᠢᠯᠴᠠᠨ ᠲᠤᠰᠠᠯᠠᠬᠤ ᠶ᠋ᠢ ᠵᠠᠢᠯᠠᠭᠤᠯᠵᠤ ᠪᠣᠯᠣᠰᠢ ᠦᠭᠡᠢ ᠬᠠᠷᠢᠭᠤᠴᠠᠯᠭ᠎ᠠ ᠭᠡᠮᠡᠨ ᠴᠠᠭᠠᠵᠠ ᠪᠠᠷ ᠪᠠᠲᠤᠯᠠᠵᠠᠢ᠃
《ᠴᠠᠭᠠᠵᠠ》 ᠶ᠋ᠢᠨ ᠬᠣᠶᠠᠳᠤᠭᠠᠷ ᠵᠤᠷᠪᠤᠰ ᠪᠣᠯᠤᠨ ᠭᠤᠷᠪᠠᠳᠤᠭᠠᠷ ᠵᠤᠷᠪᠤᠰ ᠲᠤ᠌᠂ ᠬᠠᠯᠬ᠎ᠠ ᠣᠢᠷᠠᠳ ᠵᠢᠴᠢ ᠡᠯ᠎ᠡ ᠠᠢᠮᠠᠭ ᠤ᠋ᠳ ᠬᠣᠭᠣᠷᠣᠨᠳᠣ ᠪᠠᠨ ᠤᠤᠯᠭᠠᠯᠠᠨ ᠳᠠᠢᠯᠠᠵᠤ ᠣᠭᠲᠣ ᠪᠣᠯᠬᠤ ᠦᠭᠡᠢ᠃ ᠬᠠᠯᠬ᠎ᠠ ᠣᠢᠷᠠᠳ ᠤ᠋ᠨ ᠬᠣᠭᠣᠷᠣᠨᠳᠣᠬᠢ ᠪᠣᠰᠬᠤᠯ᠂ ᠣᠷᠭᠣᠳᠤᠤᠯ ᠠᠷᠠᠳ ᠤ᠋ᠨ ᠴᠠᠭᠠᠵᠠ ᠶ᠋ᠢᠨ ᠲᠣᠭᠲᠠᠭᠠᠯ ᠢ᠋ᠶ᠋ᠠᠷ ᠲᠣᠬᠢᠷᠠᠮᠵᠢᠲᠠᠢ ᠰᠢᠢᠳᠪᠦᠷᠢᠯᠡᠨ᠎ᠡ᠃ ᠡᠢᠨᠬᠦ ᠵᠣᠷᠢᠯᠭ᠎ᠠ ᠨᠢ ᠳᠠᠷᠤᠢ ᠮᠠᠷᠭᠤᠭᠠᠨ ᠵᠥᠷᠢᠴᠡᠯ ᠢ᠋ᠶ᠋ᠡᠨ ᠨᠠᠢᠷᠠᠮᠳᠠᠯ ᠢ᠋ᠶ᠋ᠠᠷ ᠰᠢᠢᠳᠪᠦᠷᠢᠯᠡᠨ᠂ ᠨᠢᠭᠡᠳᠦᠨ ᠪᠦᠯᠬᠦᠮᠳᠡᠬᠦ ᠳ᠋ᠦ᠍ ᠣᠷᠣᠰᠢᠨ᠎ᠠ᠃
《ᠴᠠᠭᠠᠵᠠ》 ᠶ᠋ᠢᠨ ᠨᠠᠢ᠍ᠮᠠ ᠪᠣᠯᠤᠨ ᠠᠷᠪᠠᠨ ᠬᠣᠶᠠᠳᠤᠭᠠᠷ ᠵᠤᠷᠪᠤᠰ ᠲᠤ᠌ ᠪᠠᠰᠠ ᠴᠡᠷᠢᠭ ᠦ᠋ᠨ ᠶᠠᠪᠤᠳᠠᠯ ᠤ᠋ᠨ ᠲᠤᠰᠬᠠᠢ ᠲᠣᠭᠲᠠᠭᠠᠯ ᠪᠣᠢ᠃ ᠳᠠᠷᠤᠢ ᠳᠠᠢᠰᠤᠨ ᠢᠷᠡᠬᠦ ᠦᠶ᠎ᠡ ᠳ᠋ᠦ᠍ ᠮᠡᠳᠡᠵᠦ ᠪᠠᠢᠭᠠᠳ ᠦᠯᠦ ᠮᠡᠳᠡᠭᠦᠯᠬᠦ᠂ ᠡᠰᠡᠬᠦᠯ᠎ᠡ ᠠᠶᠤᠭᠠᠳ ᠳᠤᠲᠠᠭᠠᠬᠤ ᠪᠤᠶᠤ ᠠᠪᠤᠷᠠᠬᠤ ᠪᠠᠷ ᠣᠴᠢᠬᠤ ᠦᠭᠡᠢ ᠪᠣᠯ ᠶᠠᠮᠠᠷ ᠴᠤ᠌ ᠬᠥᠮᠦᠨ ᠢ᠋ ᠢᠯᠭᠠᠯ ᠦᠭᠡᠢ ᠶᠠᠯ᠎ᠠ ᠠᠰᠠᠭᠤᠵᠤ ᠲᠣᠷᠭᠠᠨ᠎ᠠ ᠭᠡᠵᠡᠢ᠃ ᠳᠡᠭᠡᠷᠡᠬᠢ ᠵᠤᠷᠪᠤᠰ ᠢ᠋ᠶ᠋ᠠᠷ ᠤᠷᠢᠳᠴᠢᠯᠠᠯ ᠪᠣᠯᠭᠠᠵᠤ᠂ 《ᠴᠠᠭᠠᠵᠠ》 ᠳ᠋ᠤ᠌ ᠪᠠᠰᠠ ᠵᠠᠭᠤ ᠭᠠᠷᠤᠢ ᠵᠤᠷᠪᠤᠰ ᠲᠣᠭᠲᠠᠭᠠᠯ ᠪᠣᠢ᠃ ᠲᠡᠭᠦᠨ ᠦ᠌ ᠳᠣᠲᠣᠷᠠᠬᠢ ᠨᠣᠶᠠᠨ᠂ ᠯᠠᠮᠠ ᠪᠠᠨᠳᠢ ᠶ᠋ᠢᠨ ᠣᠨᠴᠠ ᠡᠷᠬᠡ᠂ ᠭᠠᠢᠯᠢ ᠲᠠᠲᠠᠪᠤᠷᠢ᠂ ᠥᠷᠲᠡᠭᠡ ᠤᠯᠠᠭ᠎ᠠ᠂ ᠮᠠᠯ ᠮᠠᠯᠵᠢᠬᠤ᠂ ᠠᠩ ᠬᠦᠷᠦᠭᠡ ᠬᠢᠬᠦ᠂ ᠭᠡᠷ ᠪᠦᠯᠢ᠂ ᠥᠮᠴᠢᠯᠡᠯ᠂ ᠶᠣᠰᠣ ᠰᠤᠷᠲᠠᠬᠤᠨ᠂ ᠤᠷᠤᠭ ᠰᠣᠯᠢᠶ᠎ᠠ᠂ ᠪᠤᠰᠬᠤᠯ᠂ ᠣᠷᠭᠣᠳᠤᠤᠯ᠂ ᠬᠤᠯᠠᠭᠠᠢ ᠳᠡᠭᠡᠷᠡᠮ᠂ ᠭᠠᠯ ᠤ᠋ᠨ ᠠᠶᠤᠯ᠂ ᠠᠯᠠᠵᠤ ᠰᠢᠷᠬᠠᠲᠤᠭᠤᠯᠬᠤ᠂ ᠥᠷᠢ ᠰᠢᠷᠢ᠂ ᠬᠡᠷᠡᠭᠦᠯ ᠮᠠᠷᠭᠤᠭᠠᠨ᠂ ᠵᠠᠷᠭᠤ ᠵᠠᠭᠠᠯᠳᠤᠭᠠᠨ᠂ ᠡᠮᠴᠢᠯᠡᠬᠦ᠂ ᠪᠥᠬᠡ ᠢᠳᠤᠬᠠᠨ᠂ ᠮᠡᠲᠦᠰ ᠦ᠋ᠨ ᠲᠣᠳᠣᠷᠬᠠᠢ ᠲᠣᠭᠲᠠᠭᠠᠯ ᠪᠣᠢ᠃
《ᠴᠠᠭᠠᠵᠠ》 ᠳ᠋ᠤ᠌ ᠲᠣᠭᠲᠠᠭᠠᠭᠰᠠᠨ ᠢ᠋ᠶ᠋ᠠᠷ ᠬᠠᠨ᠂ ᠬᠣᠩ ᠲᠠᠢᠵᠢ᠂ ᠵᠢᠨᠦᠩ᠂ ᠮᠡᠷᠭᠡ᠂ ᠳᠠᠢᠴᠢᠩ᠂ ᠴᠥᠬᠦᠷ᠂ ᠲᠠᠪᠤᠨᠠᠩ ᠤ᠋ᠨ ᠡᠷᠬᠡ ᠶ᠋ᠢ ᠬᠠᠯᠳᠠᠵᠤ ᠪᠣᠯᠣᠰᠢ ᠦᠭᠡᠢ ᠪᠠᠢᠳᠠᠭ᠃ ᠲᠡᠳᠡᠨ ᠦ᠌ ᠪᠠᠢᠷᠢ ᠰᠠᠭᠤᠷᠢ ᠪᠣᠯᠤᠨ ᠣᠨᠴᠠ ᠡᠷᠬᠡ ᠶ᠋ᠢ ᠴᠠᠭᠠᠵᠠ ᠪᠠᠷ ᠪᠠᠲᠤᠯᠠᠭᠰᠠᠨ ᠶᠤᠮ᠃ ᠲᠡᠳᠡᠨ ᠢ᠋ ᠦᠭᠡ ᠪᠡᠷ ᠪᠤᠶᠤ ᠦᠢᠯᠡ ᠬᠥᠳᠡᠯᠦᠯ ᠢ᠋ᠶ᠋ᠡᠷ ᠳᠣᠷᠣᠮᠵᠢᠯᠠᠨ ᠬᠠᠯᠳᠠᠪᠠᠯ ᠬᠦᠨᠳᠦ ᠪᠡᠷ ᠲᠣᠷᠭᠠᠭᠠᠨᠠ᠃ ᠪᠠᠰᠠ ᠰᠢᠷ᠎ᠠ ᠶ᠋ᠢᠨ ᠱᠠᠰᠢᠨ ᠤ᠋ ᠴᠠᠭᠠᠵᠠ ᠪᠠᠷ ᠪᠠᠲᠤᠯᠠᠨ ᠬᠠᠮᠠᠭᠠᠯᠠᠵᠤ᠂ ᠯᠠᠮᠠ ᠪᠠᠨᠳᠢ ᠶ᠋ᠢᠨ ᠠᠯᠢᠪᠠ ᠭᠠᠢᠯᠢ ᠲᠠᠲᠠᠪᠤᠷᠢ ᠶ᠋ᠢ ᠦᠭᠡᠢᠰᠬᠡᠵᠡᠢ᠃
ᠬᠣᠶᠠᠷ᠂ ᠣᠢᠷᠠᠳ ᠬᠠᠯᠬ᠎ᠠ ᠶ᠋ᠢᠨ ᠨᠣᠶᠠᠳ ᠴᠢᠭᠤᠯᠭᠠᠨ ᠤ᠋
ᠵᠣᠷᠢᠭ ᠰᠠᠨᠠᠭ᠎ᠠ ᠶ᠋ᠢ ᠬᠡᠷᠡᠭᠵᠢᠭᠦᠯᠬᠦ ᠪᠡᠷ ᠵᠢᠳᠬᠦᠭᠰᠡᠨ ᠨᠢ
1636 ᠣᠨ ᠳ᠋ᠤ᠌᠂ ᠤᠤᠯ ᠤ᠋ᠨ ᠣᠢᠷᠠᠳ ᠤ᠋ᠨ ᠴᠢᠭᠤᠯᠭᠠᠨ ᠳᠠᠷᠤᠭ᠎ᠠ 《ᠬᠠᠨ》 ᠭᠦᠦᠰᠢ ᠬᠠᠭᠠᠨ ᠬᠥᠬᠡᠨᠠᠭᠤᠷ ᠲᠤ ᠰᠠᠭᠤᠭᠰᠠᠨ ᠤᠴᠢᠷ ᠣᠢᠷᠠᠳ ᠵᠡᠭᠦᠭᠠᠷ ᠣᠷᠣᠨ ᠤ᠋ ᠤᠯᠤᠰ ᠲᠥᠷᠥ ᠶ᠋ᠢᠨ ᠶᠠᠪᠤᠳᠠᠯ ᠢ᠋ ᠬᠠᠮᠢᠶᠠᠷᠴᠤ ᠳᠡᠢᠯᠬᠦ ᠦᠭᠡᠢ ᠪᠣᠯᠵᠠᠢ᠃ ᠲᠡᠢᠮᠦ ᠡᠴᠡ ᠣᠢᠷᠠᠳ ᠵᠡᠭᠦᠭᠠᠷ ᠣᠷᠣᠨ ᠳ᠋ᠤ᠌ ᠨᠢᠭᠡᠨ ᠰᠢᠨ᠎ᠡ ᠬᠠᠨ ᠢ᠋ ᠰᠣᠩᠭᠣᠵᠤ᠂ ᠴᠢᠭᠤᠯᠭᠠᠨ ᠤ᠋ ᠶᠠᠪᠤᠳᠠᠯ ᠢ᠋ ᠡᠷᠭᠢᠯᠡᠭᠦᠯᠬᠦ ᠴᠢᠬᠤᠯᠠ ᠲᠠᠢ ᠪᠣᠯᠪᠠ᠃ 1637 ᠣᠨ ᠳ᠋ᠤ᠌ ᠣᠢᠷᠠᠳ ᠤ᠋ᠨ ᠣᠯᠠᠨ ᠲᠠᠢᠵᠢ ᠨᠠᠷ ᠬᠣᠢᠳ ᠠᠢᠮᠠᠭ ᠤ᠋ᠨ ᠰᠠᠢᠨ ᠬᠢᠶ᠎ᠡ ᠶ᠋ᠢ ᠲᠡᠢᠨ ᠦ᠌ ᠠᠶᠤᠯ ᠠ᠋ᠴᠠ ᠣᠢᠷᠠᠳ ᠢ᠋ ᠠᠪᠤᠷᠠᠭᠰᠠᠨ ᠭᠠᠪᠢᠶ᠎ᠠ ᠲᠠᠢ ᠬᠥᠮᠦᠨ ᠭᠡᠮᠡᠨ ᠴᠢᠭᠤᠯᠭᠠᠨ ᠬᠠᠨ ᠢ᠋ᠶ᠋ᠠᠷ ᠰᠣᠩᠭᠣᠵᠠᠢ᠃ ᠲᠥᠪᠡᠳ ᠦ᠋ᠨ ᠳᠠᠯᠠᠢ ᠯᠠᠮᠠ ᠠ᠋ᠴᠠ ᠵᠠᠷᠯᠢᠭ ᠤ᠋ᠨ ᠪᠢᠴᠢᠭ ᠢᠷᠡᠵᠦ ᠰᠠᠢᠨ ᠬᠢᠶ᠎ᠡ ᠴᠢᠭᠤᠯᠭᠠᠨ ᠬᠠᠨ ᠢ᠋ᠶ᠋ᠠᠷ ᠵᠢᠩᠬᠢᠯᠡᠨ ᠡᠷᠭᠦᠮᠵᠢᠯᠡᠪᠡ [36]᠃ ᠰᠠᠢᠨ ᠬᠢᠶ᠎ᠡ ᠬᠠᠨ ᠪᠣᠯᠤᠭᠠᠳ ᠨᠢᠭᠡᠨ ᠬᠤᠭᠤᠴᠠᠭ᠎ᠠ ᠠᠷᠢᠬᠢ ᠳᠡᠷᠡᠰᠦᠨ ᠳ᠋ᠦ᠍ ᠤᠨᠠᠵᠤ᠂ ᠡᠷᠬᠡ ᠰᠦᠷ ᠲᠡᠭᠡᠨ ᠣᠮᠣᠷᠬᠠᠭᠯᠠᠭᠰᠠᠨ ᠲᠤᠯᠠ ᠵᠠᠷᠢᠮ ᠲᠠᠢᠵᠢ ᠨᠠᠷ ᠤ᠋ᠨ ᠳᠤᠷ᠎ᠠ ᠦᠭᠡᠢᠴᠡᠯ ᠢ᠋ ᠬᠦᠷᠭᠡᠵᠡᠢ᠃ 1638 ᠣᠨ ᠤ᠋ ᠦᠶ᠎ᠡ ᠪᠡᠷ ᠨᠢᠭᠡᠨ ᠤᠳᠠᠭ᠎ᠠ ᠶ᠋ᠢᠨ ᠳᠣᠲᠣᠭᠠᠳᠤ ᠶ᠋ᠢᠨ ᠮᠠᠷᠭᠤᠭᠠᠨ ᠳ᠋ᠤ᠌ ᠲᠡᠷᠡ ᠲᠣᠷᠭᠤᠳ ᠠᠢᠮᠠᠭ ᠤ᠋ᠨ ᠮᠠᠩᠬᠠᠢ ᠶ᠋ᠢᠨ ᠬᠥᠪᠡᠭᠦᠨ ᠠᠪᠤᠲᠠᠢ ᠫᠤᠤᠴᠢ ᠳ᠋ᠤ᠌ ᠠᠯᠠᠭᠳᠠᠪᠠ᠃ ᠡᠨᠡᠬᠦ ᠵᠢᠭᠤᠷᠠᠭᠠᠨ ᠳ᠋ᠤ᠌ ᠪᠠᠭᠠᠲᠤᠷ ᠬᠣᠩ ᠲᠠᠢᠵᠢ ᠶ᠋ᠢᠨ ᠳᠡᠭᠦᠦ ᠴᠦᠬᠦᠷ ᠪᠠᠰᠠ ᠬᠤᠪᠢ ᠣᠷᠣᠵᠠᠢ᠃ ᠲᠣᠷᠭᠤᠳ ᠤ᠋ᠨ ᠮᠠᠩᠬᠠᠢ ᠪᠣᠯᠤᠨ ᠪᠣᠣᠶᠠ ᠠᠭᠠᠯᠠᠬᠤ ᠪᠣᠯ ᠪᠣᠢᠭᠣ ᠥᠷᠯᠥᠭ ᠦ᠋ᠨ ᠬᠥᠪᠡᠭᠦᠨ ᠪᠢᠯᠡ᠃ ᠲᠡᠳᠡ ᠥᠷᠯᠥᠭ ᠲᠡᠢ ᠦᠯᠦ ᠲᠠᠭᠠᠷᠠᠯᠴᠠᠬᠤ ᠲᠤᠯᠠ ᠢᠵᠢᠯ ᠵᠦᠭ ᠡᠰᠡ ᠨᠡᠭᠦᠵᠦ ᠵᠡᠭᠦᠨᠭᠠᠷ ᠲᠤ᠌ ᠦᠯᠡᠳᠡᠨ ᠰᠠᠢᠨ ᠬᠢᠶ᠎ᠡ ᠶ᠋ᠢᠨ ᠬᠡᠷᠡᠭ ᠦ᠋ᠨ ᠳᠠᠷᠠᠭ᠎ᠠ ᠬᠥᠬᠡᠨᠠᠭᠤᠷ ᠵᠦᠭ ᠨᠡᠭᠦᠵᠡᠢ᠃ ᠲᠡᠷᠡ ᠦᠶ᠎ᠡ ᠳ᠋ᠦ᠍᠂ ᠳᠠᠷᠤᠢ 1638 ᠣᠨ ᠳ᠋ᠤ᠌ ᠳᠥᠷᠪᠡᠳ ᠠᠢᠮᠠᠭ ᠤ᠋ᠨ ᠳᠠᠯᠠᠢ ᠲᠠᠢᠱ᠌ᠢ ᠨᠠᠰᠤ ᠪᠠᠷᠠᠵᠤ᠂1641 ᠣᠨ ᠳ᠋ᠤ᠌ ᠲᠣᠷᠭᠤᠳ ᠤ᠋ᠨ ᠬᠣ ᠥᠷᠯᠥᠭ ᠠᠰᠲ᠋ᠠᠷᠬᠠᠨ ᠣᠷᠣᠨ ᠳ᠋ᠤ᠌ ᠣᠷᠣᠰ ᠲᠠᠢ ᠪᠠᠢᠯᠳᠤᠵᠤ ᠪᠠᠢᠭᠠᠳ ᠠᠯᠠᠭᠳᠠᠵᠠᠢ᠃ ᠲᠡᠭᠦᠨᠴᠡ ᠣᠢᠷᠠᠳ ᠵᠡᠭᠦᠨᠭᠠᠷ ᠣᠷᠣᠨ ᠤ᠋ ᠪᠦᠬᠦ ᠲᠠᠢᠵᠢ ᠨᠠᠷ ᠤ᠋ᠨ ᠳᠣᠲᠣᠷ᠎ᠠ᠂ ᠬᠠᠮᠤᠭ ᠤ᠋ᠨ ᠠᠬᠠᠮᠠᠳ ᠪᠥᠭᠡᠳ ᠢᠲᠡᠭᠡᠯ ᠬᠦᠨᠳᠦ ᠲᠡᠢ ᠨᠢ ᠲᠣᠷᠭᠤᠳ ᠤ᠋ᠨ ᠱᠦᠭᠦᠷ ᠳᠠᠢᠴᠢᠩ(ᠬᠣ ᠥᠷᠯᠥᠭ ᠦ᠋ᠨ ᠬᠥᠪᠡᠭᠦᠨ) ᠪᠠᠢᠭᠰᠠᠨ᠃1641 ᠣᠨ ᠳ᠋ᠤ᠌᠂ ᠣᠢᠷᠠᠳ ᠤ᠋ᠨ ᠲᠠᠢᠵᠢ ᠨᠠᠷ ᠵᠡᠭᠦᠨᠭᠠᠷ ᠠ᠋ᠴᠠ ᠬᠣᠯᠠ ᠨᠡᠭᠦᠵᠦ ᠶᠠᠪᠤᠭᠰᠠᠨ ᠱᠦᠭᠦᠷ ᠲᠠᠢᠴᠢᠩ ᠢ᠋ ᠴᠢᠭᠤᠯᠭᠠᠨ ᠬᠠᠨ ᠢ᠋ᠶ᠋ᠠᠷ ᠰᠣᠩᠭᠣᠵᠠᠢ᠃ ᠲᠠᠢᠵᠢ ᠨᠠᠷ ᠤ᠋ᠨ ᠰᠠᠨᠠᠯ ᠬᠦᠰᠡᠯ ᠢ᠋ ᠦᠨᠳᠦᠰᠦᠯᠡᠵᠦ᠂ ᠳᠠᠯᠠᠢ ᠯᠠᠮᠠ ᠠ᠋ᠴᠠ ᠱᠦᠭᠦᠷ ᠲᠠᠢᠴᠢᠩ ᠢ᠋ ᠬᠠᠨ ᠡᠷᠭᠦᠮᠵᠢᠯᠡᠭᠰᠡᠨ ᠪᠢᠴᠢᠭ ᠢᠷᠡᠭᠦᠯᠪᠡ[37]᠃ ᠡᠭᠦᠨ ᠳ᠋ᠦ᠍ ᠱᠦᠭᠦᠷ ᠲᠠᠢᠴᠢᠩ ᠠ᠋ᠴᠠ ᠨᠠᠳᠠ ᠮᠡᠲᠦ ᠨᠣᠶᠠᠨ ᠣᠯᠠᠨ ᠪᠣᠢ᠃ ᠪᠢ ᠶᠠᠭᠠᠬᠢᠨ ᠬᠠᠨ ᠪᠣᠯᠬᠤ ᠪᠣᠢ[38] ᠭᠡᠮᠡᠨ ᠬᠦᠯᠢᠶᠡᠨ ᠠᠪᠤᠭᠰᠠᠨ ᠦᠭᠡᠢ ᠪᠢᠯᠡ᠃ ᠵᠡᠭᠦᠨᠭᠠᠷ ᠤ᠋ᠨ ᠭᠠᠵᠠᠷ ᠲᠤ ᠲᠦᠷ ᠴᠠᠭ ᠬᠠᠨ ᠦᠭᠡᠢ ᠲᠤᠯᠠ ᠬᠣᠱᠤᠳ ᠤ᠋ᠨ ᠸᠴᠢᠷᠲᠦ ᠴᠡᠴᠡᠨ ᠲᠠᠢᠵᠢ᠂ ᠴᠣᠷᠣᠰ ᠤ᠋ᠨ ᠪᠠᠭᠠᠲᠤᠷ ᠬᠣᠩ ᠲᠠᠢᠵᠢ ᠨᠠᠷ ᠴᠢᠭᠤᠯᠭᠠᠨ ᠤ᠋ ᠶᠠᠪᠤᠳᠠᠯ ᠢ᠋ ᠬᠠᠮᠲᠤ ᠪᠠᠷ ᠡᠷᠬᠢᠯᠡᠵᠦ ᠪᠠᠢᠪᠠ᠃《ᠬᠠᠯᠬ᠎ᠠ ᠣᠢᠷᠠᠳ ᠤ᠋ᠨ ᠴᠠᠭᠠᠵᠠ》 ᠶ᠋ᠢᠨ ᠵᠣᠷᠢᠭ ᠰᠠᠨᠠᠭ᠎ᠠ ᠶ᠋ᠢ ᠬᠡᠷᠡᠭᠵᠢᠭᠦᠯᠬᠦ ᠶ᠋ᠢᠨ ᠲᠥᠯᠥᠭᠡ᠂ ᠲᠡᠳᠡ ᠴᠢᠳᠠᠯ ᠤ᠋ᠨ ᠬᠢᠷᠢ ᠪᠡᠷ ᠴᠢᠷᠮᠠᠢᠭᠰᠠᠨ ᠪᠠᠢᠵᠠᠢ᠃ ᠲᠡᠳᠡ ᠨᠠᠷ ᠨᠢᠭᠲᠠᠷᠠᠨ ᠪᠦᠯᠬᠦᠮᠳᠡᠵᠦ ᠦᠨᠡᠨᠴᠢ ᠪᠡᠷ ᠬᠠᠮᠵᠢᠯᠴᠠᠭᠰᠠᠨ ᠪᠣᠯᠬᠣᠷ᠂ ᠣᠢᠷᠠᠳ ᠤ᠋ᠨ ᠳᠣᠲᠣᠷ᠎ᠠ《ᠬᠣᠶᠠᠷ ᠲᠠᠢᠵᠢ》 ᠭᠡᠮᠡᠨ ᠳᠣᠲᠣᠨᠣᠴᠢᠯᠠᠨ ᠳᠠᠭᠤᠳᠠᠭᠳᠠᠬᠤ ᠰᠠᠢᠬᠠᠨ ᠠᠯᠳᠠᠷ ᠢ᠋ ᠬᠠᠳᠠᠭᠠᠯᠠᠵᠤ ᠶᠠᠪᠤᠭᠰᠠᠨ᠃ 1643 ᠣᠨ ᠳ᠋ᠤ᠌᠂ ᠸᠴᠢᠷᠲᠦ ᠴᠡᠴᠡᠨ ᠲᠠᠢᠵᠢ ᠪᠣᠯᠤᠨ ᠪᠠᠭᠠᠲᠤᠷ ᠬᠣᠩ ᠲᠠᠢᠵᠢ ᠨᠠᠷ ᠲᠡᠳᠡᠨ ᠦ᠌ ᠬᠠᠭᠤᠴᠢᠨ ᠳᠠᠢᠰᠤᠨ ᠪᠣᠯᠬᠤ ᠬᠠᠰᠠᠭ ᠢ᠋ ᠳᠠᠢᠯᠠᠬᠤ ᠪᠠᠷ ᠪᠡᠯᠡᠳᠬᠡᠵᠡᠢ᠂《ᠬᠠᠯᠬ᠎ᠠ ᠣᠢᠷᠠᠳ ᠤ᠋ᠨ ᠴᠠᠭᠠᠵᠠ》 ᠶ᠋ᠢᠨ ᠲᠣᠭᠲᠠᠭᠠᠯ ᠶᠣᠰᠣᠭᠠᠷ᠂ ᠸᠴᠢᠷᠲᠦ ᠴᠡᠴᠡᠨ ᠲᠠᠢᠵᠢ ᠶ᠋ᠢᠨ ᠳᠡᠭᠦᠦ ᠠᠪᠠᠯᠢ᠂ ᠪᠠᠭᠠᠲᠤᠷ ᠬᠣᠩ ᠲᠠᠢᠵᠢ ᠶ᠋ᠢᠨ ᠳᠡᠭᠦᠦ ᠴᠦᠬᠦᠷ ᠤᠪᠠᠰᠢ᠂ ᠬᠣᠢᠳ ᠤ᠋ᠨ ᠰᠦᠯᠳᠡ ᠲᠠᠢᠱ᠌ᠢ ᠨᠠᠷ ᠴᠢᠭᠤᠯᠭᠠᠨ ᠤ᠋ ᠴᠡᠷᠢᠭ ᠲᠦ᠍ ᠣᠷᠣᠯᠴᠠᠪᠠ᠃ ᠪᠠᠰᠠ ᠲᠣᠷᠭᠤᠳ ᠤ᠋ᠨ ᠱᠦᠭᠦᠷ ᠲᠠᠢᠴᠢᠩ ᠢᠵᠢᠯ ᠭᠣᠣᠯ ᠠ᠋ᠴᠠ ᠴᠡᠷᠢᠭ ᠢᠯᠡᠭᠡᠵᠦ᠂ ᠬᠠᠯᠬ᠎ᠠ ᠶ᠋ᠢᠨ ᠣᠮᠪᠣ ᠡᠷᠳᠡᠨᠢ ᠬᠠᠷᠢᠶᠠᠲᠤ ᠪᠠᠨ ᠳᠠᠭᠠᠭᠤᠯᠤᠨ ᠢᠷᠡᠵᠦ ᠬᠣᠯᠪᠣᠭᠠᠲᠤ ᠴᠡᠷᠢᠭ ᠲᠦ᠍ ᠲᠤᠰᠠᠯᠠᠵᠠᠢ᠃ ᠣᠢᠷᠠᠳ ᠬᠠᠯᠬ᠎ᠠ ᠶ᠋ᠢᠨ ᠨᠣᠶᠠᠳ ᠳᠠᠪᠠᠭᠤ ᠴᠡᠷᠢᠭ ᠦ᠋ᠨ ᠬᠦᠴᠦᠨ ᠢ᠋ᠶ᠋ᠡᠷ ᠬᠠᠰᠠᠭ ᠢ᠋ ᠳᠠᠢᠯᠠᠭᠰᠠᠨ ᠪᠣᠯᠪᠠᠴᠤ ᠰᠡᠳᠬᠢᠯ ᠬᠠᠨᠤᠮᠵᠢᠲᠠᠢ ᠠᠮᠵᠢᠯᠲᠠ ᠣᠯᠤᠭᠰᠠᠨ ᠦᠭᠡᠢ᠃ ᠲᠡᠳᠡ ᠡᠨᠡᠬᠦ ᠬᠠᠷᠢᠭᠤᠴᠠᠯᠭ᠎ᠠ ᠶ᠋ᠢ ᠲᠡᠢᠨ ᠳ᠋ᠦ᠍ ᠬᠦᠴᠦᠨ ᠲᠤᠰᠠᠯᠠᠭᠰᠠᠨ ᠦᠭᠡᠢ ᠬᠣᠱᠤᠳ ᠤ᠋ᠨ ᠬᠥᠨᠳᠡᠯᠡᠨ ᠤᠪᠠᠰᠢ ᠪᠣᠯᠤᠨ ᠳᠥᠷᠪᠡᠳ ᠦ᠋ᠨ ᠳᠠᠯᠠᠢ ᠲᠠᠢᠱ᠌ᠢ ᠶ᠋ᠢᠨ ᠬᠡᠦᠬᠡᠳ ᠲᠦ᠍ ᠨᠥᠮᠥᠷᠭᠡᠬᠦ ᠭᠡᠪᠡ᠃ 《ᠴᠠᠭᠠᠵᠠ》 ᠶ᠋ᠢᠨ ᠲᠣᠭᠲᠠᠭᠠᠯ ᠢ᠋ᠶ᠋ᠠᠷ ᠲᠡᠳᠡᠨ ᠡᠴᠡ ᠶᠠᠯ᠎ᠠ ᠠᠰᠠᠭᠤᠵᠤ ᠲᠣᠷᠭᠠᠬᠤ ᠶᠣᠰᠣ ᠲᠠᠢ ᠪᠢᠯᠡ᠃ 1645 ᠣᠨ ᠳ᠋ᠤ᠌᠂ ᠸᠴᠢᠷᠳᠦ ᠴᠡᠴᠡᠨ ᠲᠠᠢᠵᠢ ᠪᠣᠯᠤᠨ ᠪᠠᠭᠠᠲᠤᠷ ᠬᠣᠩ ᠲᠠᠢᠵᠢ ᠠ᠋ᠴᠠ ᠣᠷᠣᠰ ᠤ᠋ᠨ ᠢᠵᠢᠯ ᠭᠣᠣᠯ ᠳ᠋ᠤ᠌ ᠪᠠᠢᠬᠤ ᠱᠦᠭᠦᠷ ᠳᠠᠢᠴᠢᠩ ᠳ᠋ᠤ᠌ ᠡᠯᠴᠢ ᠢᠯᠡᠭᠡᠵᠦ᠂ ᠲᠡᠭᠦᠨ ᠲᠡᠢ ᠬᠠᠮᠲᠤ ᠪᠠᠷ ᠬᠥᠨᠳᠡᠯᠡᠨ ᠤᠪᠠᠰᠢ ᠪᠣᠯᠤᠨ ᠳᠠᠯᠠᠢ ᠲᠠᠢᠱ᠌ᠢ ᠶ᠋ᠢᠨ ᠬᠡᠦᠬᠡᠳ ᠢ᠋ ᠬᠠᠪᠴᠢᠨ ᠴᠣᠬᠢᠬᠤ ᠭᠡᠵᠡᠢ᠃ ᠭᠡᠲᠡᠯ᠎ᠡ ᠰᠠᠨᠠᠮᠰᠠᠷ ᠦᠭᠡᠢ ᠪᠡᠷ ᠢᠯᠢ ᠶ᠋ᠢᠨ ᠪᠠᠷᠠᠭᠤᠨ᠎ᠠ ᠴᠦᠢ ᠭᠣᠣᠯ᠂ ᠰᠢᠷ᠎ᠠ ᠤᠰᠤᠨ ᠳ᠋ᠤ᠌ ᠮᠠᠯᠵᠢᠵᠤ ᠪᠠᠢᠭᠰᠠᠨ ᠬᠥᠨᠳᠡᠯᠡᠨ ᠤᠪᠠᠰᠢ ᠬᠠᠭᠠᠰ ᠵᠠᠮ ᠠ᠋ᠴᠠ ᠡᠯᠴᠢ ᠶ᠋ᠢ ᠪᠠᠷᠢᠵᠤ ᠤᠴᠢᠷ ᠢ᠋ ᠮᠡᠳᠡᠪᠡ [39] ᠃ ᠢᠩᠭᠢᠭᠡᠳ 1646 ᠣᠨ ᠤ᠋ ᠳᠥᠷᠪᠡᠳᠦᠭᠡᠷ ᠰᠠᠷ᠎ᠠ ᠳ᠋ᠤ᠌ ᠬᠥᠨᠳᠡᠯᠡᠨ ᠤᠪᠠᠰᠢ᠂ ᠳᠠᠯᠠᠢ ᠲᠠᠢᠱ᠌ᠢ ᠶ᠋ᠢᠨ ᠬᠡᠦᠬᠡᠳ᠂ ᠠᠪᠠᠯᠠᠢ (ᠸᠴᠢᠷᠲᠦ ᠴᠡᠴᠡᠨ ᠲᠠᠢᠵᠢ ᠶ᠋ᠢᠨ ᠳᠡᠭᠦᠦ) ᠨᠠᠷ ᠴᠡᠷᠢᠭ ᠳᠠᠢᠴᠢᠯᠠᠨ ᠢᠯᠢ ᠶ᠋ᠢᠨ ᠡᠮᠦᠨᠡᠲᠦ ᠬᠠᠷ᠎ᠠ ᠲᠠᠯ᠎ᠠ᠂ ᠬᠥᠬᠡ ᠤᠰᠤᠨ ᠳ᠋ᠤ᠌ ᠲᠥᠷᠥᠨ ᠣᠷᠣᠭᠠᠳ ᠬᠣᠶᠠᠷ ᠲᠠᠢᠵᠢ ᠶ᠋ᠢᠨ ᠴᠡᠷᠢᠭ ᠲᠡᠢ ᠲᠤᠯᠭᠠᠷᠠᠵᠤ ᠪᠠᠢᠯᠳᠤᠪᠠ᠃ ᠲᠡᠭᠡᠭᠡᠳ ᠬᠥᠨᠳᠡᠯᠡᠨ ᠤᠪᠠᠰᠢ ᠶ᠋ᠢᠨ ᠴᠡᠷᠢᠭ ᠲᠡᠰᠪᠦᠷᠢᠯᠡᠵᠦ ᠦᠯᠦ ᠴᠢᠳᠠᠨ ᠢᠯᠢ ᠵᠦᠭ ᠤᠬᠤᠷᠢᠵᠠᠢ᠃ ᠬᠣᠶᠠᠷ ᠲᠠᠢᠵᠢ ᠶ᠋ᠢᠨ ᠴᠡᠷᠢᠭ ᠲᠠᠯᠪᠢᠯ ᠦᠭᠡᠢ ᠨᠡᠬᠡᠮᠵᠢᠯᠡᠵᠦ᠂ ᠢᠯᠢ ᠶ᠋ᠢᠨ ᠠᠷᠤ ᠳ᠋ᠠᠬᠢ ᠤᠬᠤᠷᠯᠢᠭ ᠲᠤ ᠳᠠᠬᠢᠨ ᠨᠢᠭᠡᠨ ᠤᠳᠠᠭ᠎ᠠ ᠢᠯᠠᠭᠳᠠᠭᠠᠳ᠂ ᠬᠥᠨᠳᠡᠯᠡᠨ ᠤᠪᠠᠰᠢ ᠴᠢᠨᠠᠭᠰᠢ ᠲᠠᠯᠠᠴᠢ ᠶ᠋ᠢᠨ ᠳᠠᠪᠠᠭ᠎ᠠ ᠶ᠋ᠢ ᠳᠠᠪᠠᠨ ᠠᠢᠬᠤᠰᠢ ᠵᠦᠭ ᠳᠤᠲᠠᠭᠠᠨ ᠠᠪᠠᠯᠠᠢ ᠶ᠋ᠢᠨ ᠨᠤᠲᠤᠭ ᠲᠤ ᠢᠷᠡᠪᠡ᠃
ᠲᠤᠬᠠᠢ ᠶ᠋ᠢᠨ ᠴᠠᠭ ᠲᠤ ᠣᠢᠷᠠᠳ ᠵᠡᠭᠦᠨᠭᠠᠷ ᠣᠷᠣᠨ ᠳ᠋ᠤ᠌ ᠱᠠᠰᠢᠨ ᠤ᠋ ᠬᠥᠳᠡᠯᠭᠡᠭᠡᠨ ᠬᠢᠵᠦ ᠪᠠᠢᠭᠰᠠᠨ ᠽᠠᠶ᠎ᠠ ᠪᠠᠨᠳᠢᠳᠠ《ᠴᠠᠭᠠᠵᠠ》 ᠶ᠋ᠢᠨ ᠵᠣᠷᠢᠭ ᠰᠠᠨᠠᠭ᠎ᠠ ᠶ᠋ᠢ ᠬᠠᠯᠠᠭᠤᠨ ᠢ᠋ᠶ᠋ᠠᠷ ᠬᠦᠷᠢᠶᠡᠯᠡᠵᠦ ᠢᠳᠡᠪᠬᠢ ᠲᠡᠢ ᠬᠡᠷᠡᠭᠵᠢᠭᠦᠯᠵᠦ ᠪᠠᠢᠭᠰᠠᠨ ᠬᠥᠮᠦᠨ ᠪᠢᠯᠡ᠃ 1640 ᠣᠨ ᠳ᠋ᠤ᠌᠂ ᠲᠡᠷᠡ ᠲᠠᠷᠪᠠᠭᠠᠲᠠᠢ ᠶ᠋ᠢᠨ ᠴᠢᠭᠤᠯᠭᠠᠨ ᠳ᠋ᠤ᠌ ᠣᠷᠣᠯᠴᠠᠭᠰᠠᠨ ᠤ᠋ ᠳᠠᠷᠠᠭ᠎ᠠ 1641 ᠣᠨ ᠳ᠋ᠤ᠌᠂ ᠵᠠᠰᠠᠭᠲᠤ ᠬᠠᠨ ᠤ᠋ ᠨᠤᠲᠤᠭ ᠲᠤ ᠬᠤᠷᠠᠯᠳᠤᠭᠰᠠᠨ ᠬᠣᠶᠠᠳᠠᠬᠢ ᠤᠳᠠᠭᠠᠨ ᠤ᠋ ᠬᠠᠯᠬ᠎ᠠ ᠣᠢᠷᠠᠳ ᠤ᠋ᠨ ᠴᠢᠭᠤᠯᠭᠠᠨ ᠳ᠋ᠤ᠌ ᠪᠠᠰᠠ ᠣᠷᠣᠯᠴᠠᠵᠠᠢ [40]᠃ ᠮᠥᠨ ᠬᠤᠭᠤᠴᠠᠭᠠᠨ ᠳ᠋ᠤ᠌ ᠵᠠᠰᠠᠭᠲᠤ ᠬᠠᠨ᠂ ᠲᠦᠰᠢᠶᠡᠲᠦ ᠬᠠᠨ᠂ ᠰᠡᠴᠡᠨ ᠬᠠᠨ ᠳ᠋ᠤ᠌ ᠵᠠᠯᠠᠭᠳᠠᠵᠤ᠂ ᠳᠣᠯᠣᠭᠠᠨ ᠬᠤᠰᠢᠭᠤᠨ ᠤ᠋ ᠱᠠᠰᠢᠨ ᠤ᠋ ᠬᠥᠳᠡᠯᠭᠡᠭᠡᠨ ᠢ᠋ ᠢᠳᠡᠪᠬᠢᠲᠡᠢ ᠬᠢᠵᠦ ᠪᠠᠢᠭᠰᠠᠨ᠃ ᠣᠢᠷᠠᠳ ᠤ᠋ᠨ ᠳᠣᠲᠣᠭᠠᠳᠤ ᠶ᠋ᠢᠨ ᠮᠠᠷᠭᠤᠭᠠᠨ ᠢ᠋ ᠡᠪᠰᠡᠭᠦᠯᠬᠦ ᠶ᠋ᠢᠨ ᠲᠥᠯᠥᠭᠡ᠂ ᠽᠠᠶ᠎ᠠ ᠪᠠᠨᠳᠢᠳᠠ ᠥᠪᠡᠷ ᠦ᠋ᠨ ᠪᠡᠶ᠎ᠡ ᠪᠡᠷ ᠬᠥᠨᠳᠡᠯᠡᠨ ᠤᠪᠠᠰᠢ ᠶ᠋ᠢᠨ ᠥᠷᠭᠥᠭᠡ ᠳᠦ ᠥᠭᠡᠳᠡᠯᠡᠵᠡᠢ᠃ ᠲᠡᠷᠡ ᠬᠥᠨᠳᠡᠯᠡᠨ ᠤᠪᠠᠰᠢ ᠶ᠋ᠢᠨ ᠬᠣᠶᠠᠷ ᠲᠠᠢᠵᠢ ᠲᠠᠢ ᠡᠶᠡᠳᠡᠭᠲᠦᠨ [41] ᠭᠡᠵᠦ ᠢᠳᠬᠠᠭᠰᠠᠨ ᠤ᠋ ᠳᠠᠷᠠᠭ᠎ᠠ᠂ ᠪᠠᠰᠠ ᠸᠴᠢᠷᠲᠦ ᠴᠡᠴᠡᠨ ᠲᠠᠢᠵᠢ᠂ ᠠᠪᠠᠯᠠᠢ ᠶ᠋ᠢᠨ ᠨᠤᠲᠤᠭ ᠲᠤ ᠢᠷᠡᠵᠦ᠂ ᠠᠬ᠎ᠠ ᠳᠡᠭᠦᠦ ᠬᠣᠶᠠᠭᠤᠯᠠ ᠶ᠋ᠢ ᠮᠠᠷᠭᠤᠭᠠᠨ ᠢ᠋ᠶ᠋ᠠᠨ ᠬᠠᠶᠠᠵᠤ ᠡᠶ᠎ᠡ ᠡᠪᠲᠡᠢ ᠶᠠᠪᠤᠭᠲᠤᠨ ᠭᠡᠵᠡᠢ᠃ 1647 ᠣᠨ ᠤ᠋ ᠡᠪᠦᠯ᠂ ᠽᠠᠶ᠎ᠠ ᠪᠠᠨᠳᠢᠳᠠ ᠨᠡᠰᠢ ᠴᠠᠰᠢ ᠶᠠᠪᠤᠵᠤ ᠡᠪᠰᠡᠭᠦᠯᠬᠦ ᠠᠵᠢᠯ ᠢ᠋ ᠬᠢᠭᠰᠡᠨ ᠰᠠᠭᠤᠷᠢ ᠳᠡᠭᠡᠷ᠎ᠡ᠂ ᠸᠴᠢᠷᠲᠦ ᠴᠡᠴᠡᠨ ᠲᠠᠢᠵᠢ ᠶ᠋ᠢᠨ ᠬᠠᠷᠢᠶᠠᠲᠤ ᠭᠠᠵᠠᠷ ᠢᠯᠢ ᠳ᠋ᠦ᠍ ᠣᠢᠷᠠᠳ ᠤ᠋ᠨ ᠴᠢᠭᠤᠯᠭᠠᠨ ᠬᠤᠷᠠᠯ ᠢ᠋ ᠬᠢᠪᠡ᠃ ᠽᠠᠶ᠎ᠠ ᠪᠠᠨᠳᠢᠳᠠ ᠥᠪᠡᠷ ᠦ᠋ᠨ ᠪᠡᠶ᠎ᠡ ᠪᠡᠷ ᠬᠥᠨᠳᠡᠯᠡᠨ ᠤᠪᠠᠰᠢ ᠶ᠋ᠢ ᠳᠠᠭᠠᠭᠤᠯᠵᠤ ᠢᠷᠡᠭᠡᠳ ᠬᠣᠶᠠᠷ ᠲᠠᠢᠵᠢ ᠳ᠋ᠤ᠌ ᠤᠴᠠᠷᠠᠭᠤᠯᠵᠠᠢ᠃ ᠴᠢᠭᠤᠯᠭᠠᠨ ᠳ᠋ᠤ᠌ ᠬᠠᠨ ᠦᠭᠡᠢ ᠦᠯᠦ ᠪᠣᠯᠬᠤ ᠲᠤᠯᠠ᠂ ᠬᠤᠷᠠᠭᠰᠠᠨ ᠲᠠᠢᠵᠢ ᠨᠠᠷ ᠸᠴᠢᠷᠲᠦ ᠴᠡᠴᠡᠨ ᠲᠠᠢᠵᠢ ᠶ᠋ᠢ ᠡᠷᠭᠦᠵᠦ ᠴᠢᠭᠤᠯᠭᠠᠨ ᠬᠠᠨ ᠪᠣᠯᠭᠠᠪᠠ᠃ 《ᠽᠠᠶ᠎ᠠ ᠪᠠᠨᠳᠢᠳᠠ ᠶ᠋ᠢᠨ ᠨᠠᠮᠲᠠᠷ》 ᠲᠤ᠌ 1647 ᠣᠨ ᠤ᠋ ᠴᠢᠭᠤᠯᠭᠠᠨ ᠬᠤᠷᠠᠯ ᠤ᠋ᠨ ᠳᠠᠷᠠᠭ᠎ᠠ᠂ ᠸᠴᠢᠷᠲᠦ ᠴᠡᠴᠡᠨ ᠲᠠᠢᠵᠢ ᠶ᠋ᠢ ᠬᠠᠨ ᠭᠡᠮᠡᠨ ᠳᠠᠭᠤᠳᠠᠬᠤ ᠪᠣᠯᠵᠠᠢ᠃
ᠬᠠᠯᠬ᠎ᠠ ᠶ᠋ᠢᠨ ᠭᠤᠷᠪᠠᠨ ᠬᠠᠨ ᠪᠣᠯᠤᠨ ᠣᠯᠠᠨ ᠲᠠᠢᠵᠢ ᠨᠠᠷ ᠪᠠᠰᠠ 《ᠴᠠᠭᠠᠵᠠ》 ᠶ᠋ᠢᠨ ᠵᠣᠷᠢᠭ ᠰᠠᠨᠠᠭᠠᠨ ᠳ᠋ᠤ᠌ ᠵᠣᠷᠢᠭᠵᠢᠵᠤ᠂ ᠴᠢᠩ ᠤᠯᠤᠰ ᠠ᠋ᠴᠠ ᠲᠡᠳᠡᠨ ᠳ᠋ᠦ᠍ ᠲᠤᠯᠭᠠᠭᠰᠠᠨ《ᠶᠢᠰᠦᠨ ᠴᠠᠭᠠᠨ ᠤ᠋ ᠠᠯᠪᠠ》 ᠶ᠋ᠢ ᠲᠠᠲᠠᠭᠠᠯᠵᠠᠪᠠ᠃ 1646 ᠣᠨ ᠤ᠋ ᠬᠠᠪᠤᠷ᠂ ᠰᠡᠴᠡᠨ ᠬᠠᠨ ᠱᠣᠯᠣᠢ ᠶ᠋ᠢᠨ ᠥᠳᠥᠭᠡᠯᠭᠡ ᠪᠡᠷ ᠰᠥᠨᠢᠳ ᠠᠢᠮᠠᠭ ᠤ᠋ᠨ ᠲᠠᠩᠭᠢᠰ ᠸᠠᠩ ᠤᠷᠪᠠᠵᠤ᠂ ᠥᠪᠡᠷ ᠦ᠋ᠨ ᠬᠠᠷᠢᠶᠠᠲᠤ ᠪᠠᠨ ᠳᠠᠭᠠᠭᠤᠯᠤᠨ ᠬᠠᠯᠬ᠎ᠠ ᠳ᠋ᠤ᠌ ᠢᠷᠡᠵᠡᠢ᠃ ᠡᠭᠦᠨ ᠢ᠋ ᠡᠶᠡᠪᠡᠷ ᠵᠠᠰᠠᠭᠴᠢ ᠬᠠᠭᠠᠨ ᠮᠡᠳᠡᠭᠡᠳ ᠡᠷᠬᠡ ᠴᠢᠨ ᠸᠠᠩ ᠲᠣᠳᠣ ᠶ᠋ᠢ ᠰᠦᠷ ᠪᠠᠳᠠᠷᠠᠭᠤᠯᠤᠭᠴᠢ ᠵᠠᠩᠵᠤᠨ ᠡᠷᠭᠦᠮᠵᠢᠯᠡᠵᠦ᠂ ᠬᠡᠳᠦᠨ ᠲᠦᠮᠡᠨ ᠴᠡᠷᠢᠭ ᠳᠠᠢᠴᠢᠯᠠᠭᠤᠯᠤᠨ ᠲᠠᠩᠭᠢᠰ ᠸᠠᠩ ᠤ᠋ᠨ ᠠᠷᠤ ᠠ᠋ᠴᠠ ᠮᠥᠷᠳᠡᠨ ᠨᠡᠬᠡᠮᠵᠢᠯᠡᠭᠦᠯᠪᠡ᠃ ᠵᠢᠷᠭᠤᠳᠤᠭᠠᠷ ᠰᠠᠷ᠎ᠠ ᠳ᠋ᠤ᠌ ᠲᠠᠩᠭᠢᠰ ᠸᠠᠩ ᠢ᠋ ᠨᠡᠬᠡᠮᠵᠢᠯᠡᠨ ᠭᠦᠢᠴᠡᠵᠦ᠂ ᠢᠩᠭᠠᠷᠴᠠᠭ ᠤ᠋ᠨ ᠠᠭᠤᠯᠠ ᠪᠣᠯᠤᠨ ᠭᠦᠨ ᠬᠠᠯᠠᠭᠤᠲᠦ ᠭᠡᠳᠡᠭ ᠭᠠᠵᠠᠷ ᠲᠤᠯᠭᠠᠷᠠᠨ ᠪᠠᠢᠯᠳᠤᠭᠠᠳ ᠲᠠᠩᠭᠢᠰ ᠸᠠᠩ ᠢᠯᠠᠭᠳᠠᠵᠤ ᠪᠠᠰᠠ ᠤᠮᠠᠷᠠᠰᠢ ᠤᠬᠤᠷᠢᠵᠠᠢ᠃ ᠡᠷᠬᠡ ᠴᠢᠨ ᠸᠠᠩ ᠲᠣᠳᠣ ᠶ᠋ᠢᠨ ᠴᠡᠷᠢᠭ ᠴᠢᠨᠠᠭᠰᠢ ᠨᠡᠬᠡᠮᠵᠢᠯᠡᠨ ᠥᠲᠡᠭᠡ ᠠᠭᠤᠯᠠᠨ ᠳ᠋ᠤ᠌ ᠭᠦᠢᠴᠡᠭᠡᠳ ᠪᠠᠰᠠ ᠨᠢᠭᠡᠨ ᠵᠡᠷᠭᠡ ᠲᠤᠯᠤᠯᠳᠤᠵᠤ ᠳᠤᠲᠠᠭᠠᠯᠭᠠᠪᠠ᠃ ᠬᠠᠯᠬ᠎ᠠ ᠶ᠋ᠢᠨ ᠲᠦᠰᠢᠶᠡᠲᠦ ᠬᠠᠨ ᠤ᠋ ᠨᠤᠲᠤᠭ ᠪᠤᠷᠬᠠᠨᠲᠤ ᠭᠡᠳᠡᠭ ᠭᠠᠵᠠᠷ ᠲᠤ᠌ ᠳᠠᠬᠢᠨ ᠭᠦᠢᠴᠡᠭᠳᠡᠵᠦ ᠬᠠᠲᠤᠨ ᠬᠥᠪᠡᠭᠦᠳ᠂ ᠠᠴᠢᠶ᠎ᠠ ᠬᠥᠰᠬᠡ ᠵᠢᠴᠢ ᠲᠦᠮᠡ ᠭᠠᠷᠤᠢ ᠮᠠᠯ ᠢ᠋ᠶ᠋ᠠᠨ ᠡᠷᠬᠡ ᠴᠢᠨ ᠸᠠᠩ ᠤ᠋ᠨ ᠴᠡᠷᠢᠭ ᠲᠦ᠍ ᠣᠯᠵᠠᠯᠠᠭᠤᠯᠵᠠᠢ᠃ ᠲᠦᠰᠢᠶᠡᠲᠦ ᠬᠠᠨ ᠠᠢᠮᠠᠭ ᠤ᠋ᠨ ᠲᠤᠤᠯᠠ ᠭᠣᠣᠯ ᠤ᠋ᠨ ᠵᠠᠵᠢ ᠪᠤᠯᠠᠭ ᠲᠤ᠌ ᠢᠷᠡᠭᠰᠡᠨ ᠳ᠋ᠦ᠍᠂ ᠰᠡᠴᠡᠨ ᠬᠠᠨ ᠱᠣᠯᠣᠢ ᠬᠥᠪᠡᠭᠦᠨ ᠪᠤᠮᠪᠠ ᠳ᠋ᠤ᠌ ᠭᠤᠷᠪᠠᠨ ᠲᠦᠮᠡᠨ ᠴᠡᠷᠢᠭ ᠥᠭᠴᠦ᠂ ᠲᠠᠩᠭᠢᠰ ᠸᠠᠩ ᠢ᠋ ᠥᠮᠥᠭᠯᠡᠨ ᠪᠠᠢᠯᠳᠤᠪᠠ᠃ ᠲᠦᠰᠢᠶᠡᠲᠦ ᠬᠠᠨ ᠭᠣᠮᠪᠣᠳᠣᠷᠵᠢ ᠪᠠᠰᠠ ᠦᠶᠡᠯᠢᠳ ᠳᠡᠭᠦᠦ ᠷᠠᠬᠤᠯᠳᠠᠯᠠᠢ ᠪᠠ ᠬᠥᠪᠡᠭᠦᠨ ᠠᠪᠤᠬᠤ ᠮᠡᠷᠭᠡᠨ ᠳ᠋ᠦ᠍ ᠬᠣᠶᠠᠷ ᠲᠦᠮᠡᠨ ᠴᠡᠷᠢᠭ ᠠᠬᠤᠭᠤᠯᠤᠨ ᠲᠠᠩᠭᠢᠰ ᠸᠠᠩ ᠳ᠋ᠤ᠌ ᠲᠤᠰᠠᠯᠠᠭᠰᠠᠨ ᠪᠣᠯᠪᠠᠴᠤ᠂ ᠴᠥᠮ ᠡᠷᠬᠡ ᠴᠢᠨ ᠸᠠᠩ ᠲᠣᠳᠣ ᠳ᠋ᠤ᠌ ᠪᠠᠢᠯᠳᠤᠨ ᠳᠡᠢᠯᠦᠭᠳᠡᠵᠡᠢ᠃ ᠲᠠᠩᠭᠢᠰ ᠸᠠᠩ ᠰᠡᠯᠡᠩᠭᠡ ᠮᠥᠷᠡᠨ ᠵᠦᠭ ᠳᠤᠲᠠᠭᠠᠨ ᠶᠠᠪᠤᠪᠠ᠃ ᠵᠠᠰᠠᠭᠲᠤ ᠬᠠᠨ ᠰᠣᠪᠠᠳᠠᠢ ᠲᠥᠷᠥᠨ ᠭᠠᠷᠴᠤ ᠢᠷᠡᠭᠡᠳ ᠨᠠᠢᠷᠠᠮᠳᠠᠬᠤ ᠠᠵᠢᠯ ᠢ᠋ ᠬᠦᠴᠦᠯᠡᠨ ᠬᠢᠭᠰᠡᠨ ᠪᠣᠯᠪᠠᠴᠤ᠂ ᠲᠠᠩᠭᠢᠰ ᠢ᠋ ᠬᠦᠷᠭᠡᠵᠦ ᠥᠭ ᠭᠡᠵᠦ ᠴᠢᠩ ᠤᠯᠤᠰ ᠤ᠋ᠨ ᠡᠲᠡᠭᠡᠳ ᠡᠴᠡ ᠬᠠᠲᠠᠭᠤ ᠱᠠᠭᠠᠷᠳᠠᠭᠰᠠᠨ ᠲᠤᠯᠠ ᠶᠠᠮᠠᠷ ᠴᠤ᠌ ᠦᠷ᠎ᠡ ᠳ᠋ᠦᠩ ᠭᠠᠷᠤᠭᠰᠠᠨ ᠦᠭᠡᠢ᠃ ᠶᠠᠭ ᠡᠨᠡ ᠦᠶ᠎ᠡ ᠳ᠋ᠦ᠍ ᠣᠢᠷᠠᠳ ᠤ᠋ᠳ ᠳᠣᠲᠣᠷ᠎ᠠ ᠪᠠᠨ ᠲᠤᠯᠤᠯᠳᠤᠵᠤ ᠪᠠᠢᠭᠰᠠᠨ ᠪᠣᠯᠬᠣᠷ ᠬᠠᠯᠬ᠎ᠠ ᠶ᠋ᠢᠨ ᠡᠲᠡᠭᠡᠳ ᠲᠦ᠍ ᠬᠦᠷᠴᠦ ᠬᠠᠪᠰᠤᠷᠴᠤ ᠴᠢᠳᠠᠭᠰᠠᠨ ᠦᠭᠡᠢ ᠶᠦ᠍ᠮ᠃ ᠡᠷᠬᠡ ᠴᠢᠨ ᠸᠠᠩ ᠲᠣᠳᠣ ᠴᠡᠷᠢᠭ ᠤᠬᠤᠷᠢᠭᠰᠠᠨ ᠤ᠋ ᠳᠠᠷᠠᠭ᠎ᠠ᠂ ᠴᠢᠩ ᠦ᠋ᠨ ᠵᠠᠰᠠᠭ ᠤ᠋ᠨ ᠣᠷᠳᠣᠨ ᠠ᠋ᠴᠠ ᠬᠠᠯᠬ᠎ᠠ ᠶ᠋ᠢᠨ ᠬᠠᠳ᠂ ᠨᠣᠶᠠᠳ ᠢ᠋ 《ᠶᠢᠰᠦᠨ ᠴᠠᠭᠠᠨ ᠤ᠋ ᠠᠯᠪᠠ》 ᠪᠠᠨ ᠨᠥᠬᠥᠪᠥᠷᠢᠯᠡᠵᠦ᠂ ᠬᠡᠦᠬᠡᠳ ᠠᠴᠢ ᠨᠠᠷ ᠢ᠋ᠶ᠋ᠠᠨ ᠲᠥᠷᠥ ᠳᠦ ᠢᠷᠡᠭᠦᠯ᠎ᠡ ᠭᠡᠰᠡᠨ ᠢ᠋ ᠲᠡᠳᠡ ᠬᠦᠯᠢᠶᠡᠨ ᠠᠪᠤᠭᠰᠠᠨ ᠦᠭᠡᠢ [42]᠃ 1650 ᠣᠨ ᠳ᠋ᠤ᠌᠂ ᠵᠠᠰᠠᠭᠲᠤ ᠬᠠᠨ ᠠᠢᠮᠠᠭ ᠤ᠋ᠨ ᠣᠮᠪᠣ ᠡᠷᠳᠡᠨᠢ ᠬᠣᠩ ᠲᠠᠢᠵᠢ ᠬᠠᠷᠢᠨ ᠠᠪᠠ ᠬᠣᠮᠣᠷᠭ᠎ᠠ ᠬᠢᠬᠦ ᠨᠡᠷ᠎ᠡ ᠪᠡᠷ ᠡᠮᠦᠨᠡᠰᠢ ᠬᠥᠬᠡᠬᠣᠲᠠ ᠣᠷᠴᠢᠮ ᠢ᠋ ᠤᠤᠯᠭᠠᠯᠠᠭᠠᠳ ᠪᠤᠴᠠᠪᠠ᠃ ᠴᠢᠩ ᠤᠯᠤᠰ ᠠ᠋ᠴᠠ ᠵᠠᠰᠠᠭᠲᠤ ᠬᠠᠨ ᠳ᠋ᠤ᠌ ᠳᠠᠷᠤᠯᠲᠠ ᠦᠵᠡᠭᠦᠯᠦᠨ᠂ ᠣᠮᠪᠣ ᠡᠷᠳᠡᠨᠢ ᠶ᠋ᠢ ᠶᠠᠯ᠎ᠠ ᠪᠠᠨ ᠲᠠᠢᠯᠤᠭᠲᠤᠨ ᠭᠡᠵᠡᠢ᠃ ᠣᠮᠪᠣ ᠡᠷᠳᠡᠨᠢ ᠬᠣᠩ ᠲᠠᠢᠵᠢ ᠵᠡᠭᠦᠨᠭᠠᠷ ᠳᠤ ᠳᠠᠯᠳᠠᠯᠠᠵᠤ ᠸᠴᠢᠷᠲᠦ ᠴᠡᠴᠡᠨ ᠬᠠᠨ ᠪᠣᠯᠤᠨ ᠪᠠᠭᠠᠲᠤᠷ ᠬᠣᠩ ᠲᠠᠢᠵᠢ ᠶ᠋ᠢᠨ ᠬᠠᠮᠠᠭᠠᠯᠠᠯ ᠢ᠋ ᠬᠦᠷᠲᠡᠪᠡ᠃ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠸᠴᠢᠷᠲᠦ ᠴᠡᠴᠡᠨ ᠬᠠᠨ ᠢ᠋ ᠰᠦᠷᠳᠡᠭᠦᠯᠦᠨ᠂ ᠬᠠᠯᠬ᠎ᠠ ᠲᠠᠢ ᠶᠠᠪᠤᠯᠴᠠᠵᠤ ᠪᠣᠯᠬᠤ ᠦᠭᠡᠢ ᠭᠡᠰᠡᠨ ᠪᠥᠭᠡᠳ ᠶᠠᠪᠤᠯᠴᠠᠪᠠᠰᠤ ᠴᠡᠷᠢᠭ ᠢᠯᠡᠭᠡᠵᠦ ᠳᠠᠢᠯᠠᠨ᠎ᠠ [43] ᠭᠡᠪᠡ᠃ ᠪᠠᠰᠠ ᠪᠠᠭᠠᠲᠤᠷ ᠬᠣᠩ ᠲᠠᠢᠵᠢ ᠳ᠋ᠤ᠌ ᠪᠢᠴᠢᠭ ᠢᠯᠡᠬᠡᠨ ᠣᠮᠪᠣ ᠡᠷᠳᠡᠨᠢ ᠶ᠋ᠢ ᠬᠦᠷᠭᠡᠵᠦ ᠥᠭᠬᠦ ᠦᠭᠡᠢ ᠪᠣᠯ ᠶᠡᠬᠡ ᠴᠡᠷᠢᠭ ᠢ᠋ᠶ᠋ᠡᠷ ᠳᠠᠢᠯᠠᠨ᠎ᠠ ᠭᠡᠵᠦ ᠠᠶᠤᠯᠭᠠᠵᠠᠢ [44]᠃ ᠡᠳᠡᠭᠡᠷ ᠢ᠋ ᠸᠴᠢᠷᠲᠦ ᠴᠡᠴᠡᠨ ᠬᠠᠨ ᠪᠣᠯᠤᠨ ᠪᠠᠭᠠᠲᠤᠷ ᠬᠣᠩ ᠲᠠᠢᠵᠢ ᠡᠷᠡᠰ ᠲᠠᠲᠠᠭᠠᠯᠵᠠᠪᠠ᠃
— — — —
ᠵᠡᠭᠦᠯᠲᠡ
[1] ᠷᠠᠰᠢᠳ᠋ — ᠠᠳ᠋ — ᠳ᠋ᠢᠨ᠄《ᠰᠤᠳᠤᠷ ᠤ᠋ᠨ ᠴᠢᠭᠤᠯᠭᠠᠨ》᠂ ᠱᠠᠩ ᠡᠦ ᠬᠡᠪᠯᠡᠯ᠂ 1983 ᠣᠨ᠂ ᠨᠢᠭᠡᠳᠦᠭᠡᠷ ᠪᠣᠳᠢ᠂ ᠨᠢᠭᠡᠳᠦᠭᠡᠷ ᠬᠤᠪᠢᠶᠠᠷᠢ ᠳᠡᠪᠲᠡᠷ ᠂ 194 ᠨᠢᠭᠤᠷ᠃
[2]《ᠳ᠋ᠣᠰᠰᠤᠨ ᠤ᠋ ᠮᠣᠩᠭᠣᠯ ᠲᠡᠦᠬᠡ》᠂ ᠵᠦᠩᠬᠤᠲᠡ ᠪᠢᠴᠢᠭ᠂ 1962 ᠣᠨ᠂ ᠳᠡᠭᠡᠳᠦ ᠳᠡᠪᠲᠡᠷ᠂ 289 ᠨᠢᠭᠤᠷ᠃
[3] 《ᠰᠤᠳᠤᠷ ᠤ᠋ᠨ ᠴᠢᠭᠤᠯᠭᠠᠨ》᠂1985 ᠣᠨ᠂ ᠬᠣᠶᠠᠳᠤᠭᠠᠷ ᠪᠣᠳᠢ᠂300 — 301 ᠨᠢᠭᠤᠷ᠃
[4] ᠪᠠᠭᠠᠲᠤᠷ ᠤᠪᠠᠰᠢ ᠲᠦᠮᠡᠨ᠄《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[5]《ᠪᠠᠷᠠᠭᠤᠨ ᠬᠢᠵᠠᠭᠠᠷ ᠤ᠋ᠨ ᠲᠡᠮᠳᠡᠭᠯᠡᠯ》᠂47 ᠳ᠋ᠤᠭᠠᠷ ᠪᠣᠳᠢ᠂ ᠵᠡᠭᠦᠨᠭᠠᠷ ᠠᠢᠮᠠᠭ᠃
[6] 《ᠶᠡᠬᠡ ᠰᠢᠷ᠎ᠠ ᠲᠣᠭᠣᠵᠢ》᠂ ᠮᠣᠰᠺᠸᠠ᠂ ᠯᠢᠨᠢᠩᠭᠷᠠᠳ᠋ ᠤ᠋ᠨ ᠬᠡᠪᠯᠡᠯ᠂1957 ᠣᠨ᠂101 ᠨᠢᠭᠤᠷ᠃
[7] ᠰᠠᠭᠠᠩ ᠰᠡᠴᠡᠨ᠄《ᠡᠷᠳᠡᠨᠢ ᠶ᠋ᠢᠨ ᠲᠣᠪᠴᠢ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂1981 ᠣᠨ᠂283 ᠨᠢᠭᠤᠷ᠃
[8] [9] ᠭᠠᠪᠠᠩ ᠰᠢᠷᠠᠪ᠄《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[10][11] ᠴᠢ ᠶᠦᠨ ᠱᠢ᠄《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂ 9 ᠳ᠋ᠦ᠍ᠭᠡᠷ ᠪᠣᠳᠢ᠂1-2 ᠨᠢᠭᠤᠷ᠃
[12][13] ᠵᠢᠮᠪᠠᠳᠣᠷᠵᠢ᠄《ᠪᠣᠯᠣᠷ ᠲᠣᠯᠢ》᠂ 490 ᠨᠢᠭᠤᠷ
[14]《ᠶᠡᠬᠡ ᠰᠢᠷ᠎ᠠ ᠲᠣᠭᠣᠵᠢ》᠂122 ᠨᠢᠭᠤᠷ᠃
[15] ᠢ· ᠶ· ᠽᠠᠯᠠᠲ᠋ᠺᠢᠨ᠄《ᠵᠡᠭᠦᠨᠭᠠᠷ ᠬᠠᠭᠠᠨᠲᠤ ᠤᠯᠤᠰ ᠤ᠋ᠨ ᠲᠡᠦᠬᠡ》᠂ ᠱᠠᠩ ᠡᠦ ᠬᠡᠪᠯᠡᠯ᠂1980 ᠣᠨ᠂133 ᠨᠢᠭᠤᠷ᠃
[16] ᠳᠡᠭᠡᠷᠡᠬᠢ ᠲᠡᠢ ᠠᠳᠠᠯᠢ᠂132 — 133 ᠨᠢᠭᠤᠷ᠃
[17] ᠶ· ᠹ· ᠪᠳ᠋ᠯᠢ᠄《ᠣᠷᠣᠰ᠂ ᠮᠣᠩᠭᠣᠯ᠂ ᠬᠢᠲᠠᠳ》 ᠱᠠᠩ ᠡᠦ ᠬᠡᠪᠯᠡᠯ᠂1981 ᠣᠨ᠂ ᠨᠢᠭᠡᠳᠦᠭᠡᠷ ᠳᠡᠪᠲᠡᠷ᠂987 ᠨᠢᠭᠤᠷ᠃
[18] ᠳᠡᠭᠡᠷᠡᠬᠢ ᠲᠡᠢ ᠠᠳᠠᠯᠢ᠂1067 ᠨᠢᠭᠤᠷ᠃
[19] ᠢ· ᠶ· ᠽᠠᠯᠠᠲ᠋ᠺᠢᠨ᠄《ᠵᠡᠭᠦᠨᠭᠠᠷ ᠬᠠᠭᠠᠨᠲᠤ ᠤᠯᠤᠰ ᠤ᠋ᠨ ᠲᠡᠦᠬᠡ》᠂147 ᠨᠢᠭᠤᠷ᠃
[20][21] ᠳᠡᠭᠡᠷᠡᠬᠢ ᠲᠡᠢ ᠠᠳᠠᠯᠢ᠂148᠂150 ᠨᠢᠭᠤᠷ᠃
[22][23] ᠭᠠᠪᠠᠩ ᠰᠢᠷᠠᠪ᠄《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[24] ᠭᠠᠪᠠᠩ ᠰᠢᠷᠠᠪ᠄《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[25]《ᠲᠠᠪᠤᠳᠤᠭᠠᠷ ᠳᠠᠯᠠᠢ ᠯᠠᠮᠠ ᠶ᠋ᠢᠨ ᠨᠠᠮᠲᠠᠷ》᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂176 ᠨᠢᠭᠤᠷ᠂
[26] ᠶᠠ ᠬᠠᠨ ᠵᠠᠩ᠄《ᠳᠠᠯᠠᠢ ᠯᠠᠮᠠ ᠶ᠋ᠢᠨ ᠨᠠᠮᠲᠠᠷ》᠂30 ᠨᠢᠭᠤᠷ
[27]《ᠵᠡᠬᠥᠨᠭᠠᠷ ᠤ᠋ᠨ ᠬᠤᠷᠢᠶᠠᠩᠭᠤᠢ ᠲᠡᠦᠬᠡ》 ᠲᠣᠳᠣ ᠦᠰᠦᠭ ᠦ᠋ᠨ ᠃
[28][29] ᠵᠢᠮᠪᠠᠳᠣᠷᠵᠢ ᠂《ᠪᠣᠯᠣᠷ ᠲᠣᠯᠢ》489 — 490 ᠨᠢᠭᠤᠷ᠃
[30][31] ᠪᠠᠭᠠᠲᠤᠷ ᠤᠪᠠᠰᠢ ᠲᠦᠮᠡᠨ᠄《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[32][33]《ᠵᠡᠭᠦᠨᠭᠠᠷ ᠤ᠋ᠨ ᠬᠤᠷᠢᠶᠠᠩᠭᠤᠢ ᠲᠡᠦᠬᠡ》᠂ ᠲᠣᠳᠣ ᠦᠰᠦᠭ ᠦ᠋ᠨ᠃
[34] ᠠ᠋᠂ ᠱᠠᠰᠲ᠋ᠢᠨᠠ᠄《17 ᠳ᠋ᠤᠭᠠᠷ ᠵᠠᠭᠤᠨ ᠳ᠋ᠠᠬᠢ ᠣᠷᠣᠰ ᠮᠣᠩᠭᠣᠯ ᠤ᠋ᠨ ᠡᠯᠴᠢ ᠶ᠋ᠢᠨ ᠬᠠᠷᠢᠴᠠᠭ᠎ᠠ》 ᠱᠠᠩ ᠦ ᠬᠡᠪᠯᠡᠯ᠂1977 ᠣᠨ᠂142 ᠨᠢᠭᠤᠷ᠃
[35] ᠸᠠᠩ ᠰᠢᠶᠠᠨ ᠴᠢᠶᠠᠨ᠄《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂3 ᠳ᠋ᠤᠭᠠᠷ ᠪᠣᠳᠢ᠂3 ᠨᠢᠭᠤᠷ᠃
[36][37][38] ᠪᠠᠭᠠᠲᠤᠷ ᠤᠪᠠᠰᠢ ᠲᠦᠮᠡᠨ《ᠳᠥᠷᠪᠡᠨ ᠣᠢᠷᠠᠳ ᠤ᠋ᠨ ᠲᠡᠦᠬᠡ》᠂ ᠲᠣᠳᠣ ᠦᠰᠦᠭ ᠦ᠋ᠨ᠃
[39] ᠢ᠂ ᠵᠠ᠊᠂ ᠽᠠᠯᠠᠲ᠋ᠺᠢᠨ᠄《ᠵᠡᠬᠥᠡᠭᠠᠷ ᠬᠠᠭᠠᠨᠲᠤ ᠤᠯᠤᠰ ᠤ᠋ᠨ ᠲᠡᠦᠬᠡ》᠂200 ᠨᠢᠭᠤᠷ᠃
[40][41] 《ᠽᠠᠶ᠎ᠠ ᠪᠠᠨᠳᠢᠳᠠ ᠶ᠋ᠢᠨ ᠨᠠᠮᠲᠠᠷ》᠃
[42]《ᠬᠠᠭᠠᠨ ᠲᠥᠷᠥ ᠶ᠋ᠢᠨ ᠭᠠᠳᠠᠭᠠᠳᠤ ᠠᠢᠮᠠᠭ ᠤ᠋ᠨ ᠴᠢᠬᠤᠯᠠ ᠲᠣᠪᠴᠢ》᠂3 ᠳ᠋ᠤᠭᠠᠷ ᠪᠣᠳᠢ᠃
[43]《ᠲᠠᠢᠴᠢᠩ ᠤᠯᠤᠰ ᠤ᠋ᠨ ᠰᠢᠽᠤ ᠬᠠᠭᠠᠨ ᠤ᠋ ᠮᠠᠭᠠᠳ ᠬᠠᠤᠯᠢ》 ᠡᠶᠡᠪᠡᠷ ᠵᠠᠰᠠᠭᠴᠢ ᠶ᠋ᠢᠨ ᠳᠣᠯᠣᠳᠤᠭᠠᠷ ᠣᠨ ᠤ᠋ ᠳᠥᠷᠪᠡᠨ ᠰᠠᠷ᠎ᠠ ᠶ᠋ᠢᠨ ᠬᠥᠬᠡᠭᠴᠢᠨ ᠬᠣᠨᠢᠨ ᠡᠳᠦᠷ ᠦ᠋ᠨ ᠵᠤᠷᠪᠤᠰ᠃
[44]《ᠳᠠᠢᠴᠢᠩ ᠤᠯᠤᠰ ᠤ᠋ᠨ ᠰᠢᠽᠤ ᠬᠠᠭᠠᠨ ᠤ᠋ ᠮᠠᠭᠠᠳ ᠬᠠᠤᠯᠢ》 ᠡᠶᠡᠪᠡᠷ ᠵᠠᠰᠠᠭᠴᠢ ᠶ᠋ᠢᠨ ᠨᠠᠢ᠍ᠮᠠᠳᠤᠭᠠᠷ ᠣᠨ ᠤ᠋ ᠠᠷᠪᠠᠨ ᠰᠠᠷ᠎ᠠ ᠶ᠋ᠢᠨ ᠴᠠᠭᠠᠭᠴᠢᠨ ᠲᠠᠬᠢᠶ᠎ᠠ ᠡᠳᠦᠷ ᠦ᠋ᠨ ᠵᠤᠷᠪᠤᠰ᠃
