ᠴᠢᠪᠠᠭ᠎ᠠ ᠮᠣᠩᠭᠣᠯ ᠲᠤᠷᠰᠢᠯᠲᠠ ᠶ᠋ᠢᠨ ᠪᠠᠭ᠎ᠠ ᠰᠤᠷᠭᠠᠭᠤᠯᠢ ᠶ᠋ᠢᠨ ᠰᠦᠯᠳᠡ ᠳᠠᠭᠤᠤ
ᠴᠢᠪᠠᠭ᠎ᠠ ᠮᠣᠩᠭᠣᠯ ᠲᠤᠷᠰᠢᠯᠲᠠ ᠶ᠋ᠢᠨ ᠪᠠᠭ᠎ᠠ ᠰᠤᠷᠭᠠᠭᠤᠯᠢ ᠶ᠋ᠢᠨ ᠰᠦᠯᠳᠡ ᠳᠠᠭᠤᠤ
ᠮᠣᠩᠭᠣᠯ ᠪᠠᠭ᠎ᠠ ᠰᠤᠷᠭᠠᠭᠤᠯᠢ ᠮᠢᠨᠢ
ᠦᠭᠡ᠄ ᠸ᠂ ᠪᠥᠬᠡᠪᠠᠭᠠᠲᠤᠷ
ᠠᠶ᠎ᠠ᠄ ᠪᠠᠶᠠᠨᠴᠡᠩᠭᠡᠯ
ᠨᠠᠷᠠ ᠪᠠᠨ ᠲᠡᠪᠡᠷᠢᠭᠰᠡᠨ ᠲᠩᠷᠢ ᠠᠭᠤᠯᠠ
ᠠᠪᠤ ᠶ᠋ᠢᠨ ᠳᠦᠷᠢ ᠪᠡᠷ ᠰᠦᠮᠪᠦᠷᠯᠡᠨᠡ
ᠨᠠᠯᠠᠭᠠᠷ ᠨᠢᠷᠤᠭᠤᠨ ᠳ᠋ᠤ᠌ ᠨᠢ ᠮᠢᠨᠦ ᠰᠤᠷᠭᠠᠭᠤᠯᠢ
ᠠᠯᠤᠰ ᠤ᠋ᠨ ᠬᠦᠰᠡᠯ ᠲᠡᠢ ᠲᠣᠷᠮᠣᠢᠨᠠ
ᠠ ᠬᠦᠢ᠂ ᠠ ᠬᠦᠢ ᠁᠁
ᠮᠥᠩᠬᠡᠷᠡᠬᠦ ᠰᠣᠶᠣᠯ ᠤ᠋ᠨ ᠳᠠᠷᠬᠠᠨ ᠥᠯᠥᠭᠡᠢ
ᠮᠣᠩᠭᠣᠯ ᠪᠠᠭ᠎ᠠ ᠰᠤᠷᠭᠠᠭᠤᠯᠢ ᠮᠢᠨᠢ
ᠰᠠᠷ᠎ᠠ ᠪᠠᠨ ᠲᠣᠯᠢᠳᠠᠭᠰᠠᠨ ᠭᠤᠷᠭᠤᠤᠯᠳᠠᠢ ᠶ᠋ᠢᠨ ᠭᠣᠣᠯ
ᠡᠵᠢ ᠶ᠋ᠢᠨ ᠪᠦᠪᠡᠢ ᠲᠡᠢ ᠤᠶᠠᠩᠭᠠᠷᠠᠨ᠎ᠠ
ᠰᠠᠷᠠᠭᠤᠯ ᠳᠡᠨᠵᠢᠨ ᠳ᠋ᠦ᠍ ᠨᠢ ᠮᠢᠨᠦ ᠰᠤᠷᠭᠠᠭᠤᠯᠢ
ᠦᠢᠯᠡᠰ ᠦ᠋ᠨ ᠰᠠᠴᠤᠯᠢ ᠲᠠᠢ ᠭᠢᠯᠠᠯᠵᠠᠨ᠎ᠠ
ᠠ ᠬᠦᠢ᠂ ᠠ ᠬᠦᠢ ᠁᠁
ᠮᠥᠩᠬᠡᠷᠡᠬᠦ ᠰᠣᠶᠣᠯ ᠤ᠋ᠨ ᠳᠠᠷᠬᠠᠨ ᠥᠯᠥᠭᠡᠢ
ᠮᠣᠩᠭᠣᠯ ᠪᠠᠭ᠎ᠠ ᠰᠤᠷᠭᠠᠭᠤᠯᠢ ᠮᠢᠨᠢ
ᠥᠭᠡᠳᠡ ᠪᠡᠨ ᠳᠠᠪᠰᠢᠯᠠᠬᠤ ᠠᠷᠤᠭᠴᠢᠨ ᠬᠡᠦᠬᠡᠳ ᠦ᠋ᠳ
ᠡᠷᠳᠡᠨᠢ ᠶ᠋ᠢᠨ ᠬᠦᠯᠦᠭ ᠲᠡᠢ ᠳᠠᠪᠬᠢᠨ᠎ᠠ
ᠣᠮᠣᠭ ᠤ᠋ᠨ ᠭᠠᠯ ᠲᠠᠢ ᠬᠠᠰᠠᠷ ᠤ᠋ᠨ ᠦᠷᠡᠰ
ᠰᠣᠶᠣᠯ ᠤ᠋ᠨ ᠭᠣᠯᠣᠮᠲᠠ ᠪᠠᠳᠠᠷᠭᠠᠨᠠ
ᠠ ᠬᠦᠢ᠂ ᠠ ᠬᠦᠢ ᠁᠁
ᠮᠥᠩᠬᠡᠷᠡᠬᠦ ᠰᠣᠶᠣᠯ ᠤ᠋ᠨ ᠳᠠᠷᠬᠠᠨ ᠥᠯᠥᠭᠡᠢ
ᠮᠣᠩᠭᠣᠯ ᠪᠠᠭ᠎ᠠ ᠰᠤᠷᠭᠠᠭᠤᠯᠢ ᠮᠢᠨᠢ
ᠮᠣᠩᠭᠣᠯ ᠪᠠᠭ᠎ᠠ ᠰᠤᠷᠭᠠᠭᠤᠯᠢ ᠮᠢᠨᠢ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠮᠣᠩᠭᠣᠯ ᠦᠰᠦᠭ ᠬᠢᠨᠠᠬᠤ ᠰᠢᠰᠲ᠋ᠧᠮ ᠢ᠋ᠶ᠋ᠡᠷ ᠬᠢᠨᠠᠪᠠ᠃
