ᠬᠠᠵᠠᠭᠠᠷ ᠴᠡᠩᠬᠡᠷ ᠰᠠᠯᠬᠢ-ᠮᠠᠨᠳᠤᠬᠤ ᠪᠠᠭᠰᠢ ᠶ᠋ᠢᠨ ᠤᠷᠠᠨ ᠪᠢᠴᠢᠯᠭ
ᠬᠠᠵᠠᠭᠠᠷ ᠴᠡᠩᠬᠡᠷ ᠰᠠᠯᠬᠢ
ᠬᠠᠵᠠᠭᠠᠷ ᠴᠡᠩᠬᠡᠷ ᠰᠠᠯᠬᠢ ᠨᠢ ᠬᠠᠮᠢᠭ᠎ᠠ ᠪᠠᠢᠨ᠎ᠠ
ᠬᠠᠷᠭᠢᠶ᠎ᠠ ᠤᠰᠤᠨ ᠭᠣᠣᠯ ᠮᠥᠷᠡᠨ ᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤᠲᠤ ᠬᠠᠮᠢᠭ᠎ᠠ ᠪᠠᠢᠨ᠎ᠠ
ᠬᠠᠮᠤᠭ ᠳᠡᠯᠡᠬᠡᠢ ᠶ᠋ᠢ ᠡᠵᠡᠩᠨᠡᠬᠦ ᠬᠠᠯᠠᠭᠤᠨ ᠰᠥᠰᠥᠲᠦ ᠬᠠᠮᠢᠭ᠎ᠠ ᠪᠠᠢᠨ᠎ᠠ᠃
ᠬᠠᠯᠠ ᠨᠢ ᠭᠠᠳᠠᠨ᠎ᠠ ᠪᠠᠨ ᠬᠠᠲᠠᠭᠤ ᠵᠢᠮᠡᠯᠡᠯ ᠬᠠᠮᠢᠭ᠎ᠠ ᠪᠠᠢᠨ᠎ᠠ
ᠬᠠᠢᠷ᠎ᠠ ᠨᠢ ᠳᠣᠲᠣᠷ᠎ᠠ ᠪᠠᠨ ᠡᠨᠡᠷᠢᠬᠦ ᠰᠡᠳᠬᠢᠯ ᠬᠠᠮᠢᠭ᠎ᠠ ᠪᠠᠢᠨ᠎ᠠ
ᠦᠨᠡᠨ ᠳ᠋ᠦ᠍ ᠲᠡᠩᠴᠡᠭᠰᠡᠨ ᠦᠦᠭᠡ ᠲᠡᠦᠬᠡ ᠴᠢᠨᠢ ᠬᠠᠮᠢᠭ᠎ᠠ ᠪᠠᠢᠨ᠎ᠠ
ᠦᠬᠦᠲᠡᠯ᠎ᠡ ᠲᠡᠮᠡᠴᠡᠵᠦ ᠣᠯᠵᠤ ᠣᠷᠤᠰᠢᠭᠠᠭᠰᠠᠨ ᠮᠣᠩᠭᠣᠯ ᠮᠢᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤᠲᠤ ᠨᠢ ᠬᠠᠮᠢᠭ᠎ᠠ ᠪᠠᠢᠨ᠎ᠠ
ᠬᠠᠮᠤᠭ ᠳᠡᠯᠡᠬᠡᠢ ᠶ᠋ᠢ ᠡᠵᠡᠩᠨᠡᠬᠦ ᠬᠠᠯᠠᠭᠤᠨ ᠰᠥᠰᠥᠲᠦ ᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤ ᠲᠠᠢ ᠬᠠᠯᠠᠭᠤᠨ ᠰᠥᠰᠥ ᠲᠡᠢ ᠨᠢ ᠬᠠᠮᠢᠭ᠎ᠠ ᠪᠠᠢᠨ᠎ᠠ᠃
ᠮᠡᠯᠮᠡᠷᠡᠵᠦ ᠡᠨᠡᠷᠢᠬᠦ ᠦᠷᠦ ᠵᠥᠭᠡᠯᠡᠨ ᠨᠢ ᠬᠠᠮᠢᠭ᠎ᠠ ᠪᠠᠢᠨ᠎ᠠ
ᠮᠡᠯᠮᠡᠢ ᠲᠣᠯᠢᠳᠠᠭᠰᠠᠨ ᠮᠡᠷᠭᠡᠨ ᠠᠷᠠᠳ ᠨᠢ ᠬᠠᠮᠢᠭ᠎ᠠ ᠪᠠᠢᠨ᠎ᠠ
ᠪᠤᠳᠤᠯᠢᠭᠤ ᠪᠤᠰᠤᠳ ᠢ᠋ᠶ᠋ᠠᠨ ᠪᠤᠰᠬᠠᠬᠤ ᠤᠷᠮ᠎ᠠ ᠶ᠋ᠢᠨ ᠦᠭᠡᠰ ᠬᠠᠮᠢᠭ᠎ᠠ ᠪᠠᠢᠨ᠎ᠠ
ᠪᠤᠷᠤᠭᠤ ᠳ᠋ᠤ᠌ ᠭᠠᠩ ᠮᠡᠲᠦ ᠡᠪᠦᠭᠡᠳ ᠦ᠋ᠨ ᠰᠤᠷᠭᠠᠯ ᠨᠢ ᠬᠠᠮᠢᠭ᠎ᠠ ᠪᠠᠢᠨ᠎ᠠ
ᠪᠦᠪᠡᠢ ᠠᠶᠠᠯᠤᠭᠰᠠᠨ ᠪᠦᠰᠡᠭᠦᠢ ᠪᠠᠯᠴᠢᠷ ᠤ᠋ᠳ ᠬᠠᠮᠢᠭ᠎ᠠ ᠪᠠᠢᠨ᠎ᠠ
ᠪᠦᠰᠡ ᠪᠡᠨ ᠴᠢᠩᠭᠠᠯᠠᠭᠰᠠᠨ ᠬᠦᠳᠡᠷ ᠡᠷᠡᠰ ᠦ᠋ᠳ ᠬᠠᠮᠢᠭ᠎ᠠ ᠪᠠᠢᠨ᠎ᠠ
ᠬᠦᠳᠦᠰᠦᠨ ᠳᠡᠪᠡᠯᠲᠦ ᠬᠥᠭᠡᠷᠦᠬᠦᠨ ᠦᠷᠡᠰ ᠦ᠋ᠳ ᠬᠠᠮᠢᠭ᠎ᠠ ᠪᠠᠢᠨ᠎ᠠ
ᠬᠦᠢ ᠶ᠋ᠢᠨ ᠬᠣᠯᠪᠣᠭᠠᠰᠤ ᠬᠥᠮᠦᠨ ᠦ᠌ ᠴᠢᠨᠠᠷ ᠬᠠᠮᠢᠭ᠎ᠠ ᠪᠠᠢᠨ᠎ᠠ᠃
ᠬᠠᠭᠠᠨ ᠶᠠᠰᠤ ᠲᠠᠢ ᠬᠠᠲᠤᠨ ᠴᠢᠰᠤᠲᠤ ᠬᠠᠮᠢᠭ᠎ᠠ ᠪᠠᠢᠨ᠎ᠠ
ᠬᠠᠮᠤᠭ ᠳᠡᠯᠡᠬᠡᠢ ᠶ᠋ᠢ ᠡᠵᠡᠩᠨᠡᠬᠦ ᠬᠠᠯᠠᠭᠤᠨ ᠰᠥᠰᠥᠲᠦ ᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤ ᠲᠠᠢ ᠬᠠᠯᠠᠭᠤᠨ ᠰᠥᠰᠥ ᠲᠡᠢ ᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤ ᠲᠠᠢ ᠬᠠᠯᠠᠭᠤᠨ ᠰᠥᠰᠥ ᠲᠡᠢ ᠨᠢ ᠬᠠᠮᠢᠭ᠎ᠠ ᠪᠠᠢᠨ᠎ᠠ
ᠬᠠᠮᠤᠭ ᠳᠡᠯᠡᠬᠡᠢ ᠶ᠋ᠢ ᠡᠵᠡᠩᠨᠡᠬᠦ ᠬᠠᠯᠠᠭᠤᠨ ᠰᠥᠰᠥᠲᠦ ᠨᠢ ᠬᠠᠮᠢᠭ᠎ᠠ ᠪᠠᠢᠨ᠎ᠠ
ᠬᠠᠭᠠᠨ ᠶᠠᠰᠤ ᠲᠠᠢ ᠬᠠᠲᠤᠨ ᠴᠢᠰᠤ ᠲᠠᠢ ᠬᠠᠯᠠᠭᠤᠨ ᠰᠥᠰᠥ ᠲᠡᠢ ᠨᠢ ᠬᠠᠮᠢᠭ᠎ᠠ ᠪᠠᠢᠨ᠎ᠠ
ᠬᠠᠮᠢᠭ᠎ᠠ ᠪᠠᠢᠨ᠎ᠠ ᠁
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
