ᠴᠢ ᠮᠢᠨᠢ - ᠪᠥᠬᠡChi mini-BökhЧи минь-Бөх
ᠴᠢ ᠮᠢᠨᠢ
ᠦᠭᠡ᠄ᠲ·ᠬᠦᠮᠦᠵᠢᠯᠲᠦ
ᠠᠶ᠎ᠠ᠄ ᠰᠡᠴᠡᠨᠪᠢᠯᠢᠭ
ᠳᠠᠭᠤᠴᠢᠨ᠄ ᠪᠥᠬᠡ
ᠴᠡᠩᠬᠡᠷ ᠭᠠᠷᠠᠭ ᠢ᠋ ᠭᠤᠶᠤᠭᠰᠠᠨ ᠰᠣᠯᠣᠩᠭ᠎ᠠ ᠶᠤᠮ ᠠ᠋
ᠴᠡᠪᠡᠷᠬᠡᠨ ᠬᠠᠢᠯ ᠠ᠋ᠴᠠ ᠮᠡᠯᠮᠡᠷᠡᠭᠰᠡᠨ ᠳᠤᠤᠨᠢᠯ ᠶᠤᠮ ᠠ᠋
ᠴᠡᠴᠡᠨ ᠪᠢᠯᠢᠭ ᠢ᠋ ᠱᠤᠭᠤᠭᠰᠠᠨ ᠤᠶᠠᠩᠭ᠎ᠠ ᠶᠤᠮ ᠠ᠋
ᠴᠢᠩ ᠵᠢᠷᠤᠮ ᠢ᠋ ᠰᠠᠬᠢᠭᠰᠠᠨ ᠳᠠᠭᠢᠨᠢ ᠶᠤᠮ ᠠ᠋
ᠬᠠᠨᠢ ᠶ᠋ᠢᠨ ᠵᠠᠶᠠᠭᠠᠨ ᠤ᠋ ᠡᠷᠬᠡ ᠰᠠᠷᠠᠨ
ᠬᠠᠷ᠎ᠠ ᠨᠢᠳᠦᠨ ᠬᠣᠩᠭᠣᠷ ᠮᠢᠨᠢ
ᠬᠠᠯᠠᠭᠤᠨ ᠵᠢᠷᠦᠬᠡᠨ ᠦ᠌ ᠠᠯᠳᠠᠷᠠᠢ ᠮᠢᠨᠢ
ᠬᠠᠢᠷ᠎ᠠ ᠶ᠋ᠢᠨ ᠴᠠᠭᠠᠨ ᠳᠠᠭᠢᠨᠢ ᠮᠢᠨᠢ
ᠤᠷᠠᠨ ᠠᠷᠪᠠᠨ ᠬᠤᠷᠤᠭᠤᠳ ᠲᠠᠢ ᠥᠬᠢᠨ ᠶᠦᠮ ᠠ᠋
ᠤᠰᠬᠠᠯ ᠲᠤᠩᠭᠠᠯᠠᠭ ᠮᠡᠯᠮᠡᠢ ᠲᠡᠢ ᠪᠦᠰᠡᠭᠦᠢ ᠶᠦᠮ ᠠ᠋
ᠣᠲᠣᠭᠠᠲᠤ ᠲᠠᠯ᠎ᠠ ᠳ᠋ᠤ᠌ ᠪᠠᠨ ᠳᠡᠯᠭᠡᠷᠡᠭᠰᠡᠨ ᠴᠡᠴᠡᠭ ᠶᠦᠮ ᠠ᠋
ᠤᠳᠤᠮ ᠰᠤᠳᠤᠷ ᠢ᠋ᠶ᠋ᠠᠨ ᠭᠡᠢᠭᠦᠯᠦᠭᠰᠡᠨ ᠨᠠᠷᠠᠨ ᠶᠤᠮ ᠠ᠋
ᠬᠠᠨᠢ ᠶ᠋ᠢᠨ ᠵᠠᠶᠠᠭᠠᠨ ᠤ᠋ ᠡᠷᠬᠡ ᠰᠠᠷᠠᠨ
ᠬᠠᠷ᠎ᠠ ᠨᠢᠳᠦᠨ ᠬᠣᠩᠭᠣᠷ ᠮᠢᠨᠢ
ᠬᠠᠯᠠᠭᠤᠨ ᠵᠢᠷᠦᠬᠡᠨ ᠦ᠌ ᠠᠯᠳᠠᠷᠠᠢ ᠮᠢᠨᠢ
ᠬᠠᠢᠷ᠎ᠠ ᠶ᠋ᠢᠨ ᠴᠠᠭᠠᠨ ᠳᠠᠭᠢᠨᠢ ᠮᠢᠨᠢ
ᠬᠠᠩᠯᠢᠨ ᠲᠡᠷᠭᠡᠨ ᠳ᠋ᠦ᠍ ᠪᠡᠨ ᠲᠣᠷᠮᠣᠯᠵᠠᠭᠰᠠᠨ ᠭᠥᠨᠵᠢ (ᠭᠦᠩᠵᠦ) ᠶᠦᠮ ᠠ᠋
ᠬᠠᠮᠤᠭ ᠰᠠᠢᠬᠠᠨ ᠢ᠋ ᠠᠬᠤᠭᠤᠯᠤᠭᠰᠠᠨ ᠲᠤᠨᠵᠢ ᠶᠤᠮ ᠠ᠋
ᠬᠠᠨ ᠳᠡᠯᠡᠬᠡᠢ ᠳ᠋ᠦ᠍ ᠭᠠᠭᠴᠠᠬᠠᠨ ᠣᠳᠣᠨ ᠶᠤᠮ ᠠ᠋
ᠬᠠᠲᠤᠨ ᠠᠪᠢᠶᠠᠰ ᠢ᠋ ᠭᠠᠢᠬᠠᠭᠤᠯᠤᠭᠰᠠᠨ ᠰᠣᠳᠣᠨ ᠶᠤᠮ ᠠ᠋
ᠬᠠᠨᠢ ᠶ᠋ᠢᠨ ᠵᠠᠶᠠᠭᠠᠨ ᠤ᠋ ᠡᠷᠬᠡ ᠰᠠᠷᠠᠨ
ᠬᠠᠷ᠎ᠠ ᠨᠢᠳᠦᠨ ᠬᠣᠩᠭᠣᠷ ᠮᠢᠨᠢ
ᠬᠠᠯᠠᠭᠤᠨ ᠵᠢᠷᠦᠬᠡᠨ ᠦ᠌ ᠠᠯᠳᠠᠷᠠᠢ ᠮᠢᠨᠢ
ᠬᠠᠢᠷ᠎ᠠ ᠶ᠋ᠢᠨ ᠴᠠᠭᠠᠨ ᠳᠠᠭᠢᠨᠢ ᠮᠢᠨᠢ
ᠬᠠᠢᠷ᠎ᠠ ᠶ᠋ᠢᠨ ᠴᠠᠭᠠᠨ ᠳᠠᠭᠢᠨᠢ ᠮᠢᠨᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
