ᠵᠢᠷᠭᠤᠭᠠᠨ ᠤᠲᠠᠰᠤ ᠲᠠᠢ ᠪᠠᠨᠵᠠᠨ ᠭᠢᠲ᠋ᠠᠷЗургаан утастай банзан гитар-Luuya Beska ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠤᠭᠠᠨ ᠤᠲᠠᠰᠤ ᠲᠠᠢ ᠪᠠᠨᠵᠠᠨ ᠭᠢᠲ᠋ᠠᠷЗургаан утастай банзан гитар-Luuya Beska

ᠵᠢᠷᠭᠤᠭᠠᠨ ᠤᠲᠠᠰᠤ ᠲᠠᠢ ᠪᠠᠨᠵᠠᠨ ᠭᠢᠲ᠋ᠠᠷЗургаан утастай банзан гитар-Luuya Beska

ᠠᠩᠭᠢᠯᠠᠯ:ᠳᠠᠭᠤᠤ ᠬᠥᠭᠵᠢᠮ
2026-06-20

2382

ᠵᠢᠷᠭᠤᠭᠠᠨ ᠤᠲᠠᠰᠤ ᠲᠠᠢ ᠪᠠᠨᠵᠠᠨ ᠭᠢᠲ᠋ᠠᠷ


     ᠳᠠᠭᠤᠴᠢᠨ᠄ Luuya  BesKa 

ᠡᠭᠦᠯᠡᠨ ᠴᠢᠯᠥᠭᠡᠨ ᠦ᠌ ᠨᠠᠷᠠᠨ ᠳᠣᠣᠷ᠎ᠠ 
ᠦᠨᠡᠭᠡᠨ ᠵᠠᠯᠢ ᠲᠠᠢ ᠥᠬᠢᠨ ᠴᠢ 
ᠡᠭᠦᠷᠢᠳᠡ ᠶ᠋ᠢᠨ ᠨᠠᠮ᠎ᠠ ᠪᠠᠨ ᠣᠷᠬᠢᠭ᠎ᠠ ᠤᠤ 
ᠥᠭᠡᠷ᠎ᠡ ᠬᠥᠮᠦᠨ ᠲᠡᠢ ᠤᠴᠠᠷᠠᠭ᠎ᠠ ᠤᠤ 
ᠵᠢᠷᠭᠤᠭᠠᠨ ᠤᠲᠠᠰᠤ ᠲᠠᠢ ᠪᠠᠩᠵᠠᠨ ᠭᠢᠲ᠋ᠠᠷ ᠢ᠋ 
ᠵᠡᠭᠦᠨ ᠮᠥᠷᠦᠨ ᠳ᠋ᠡᠭᠡᠨ ᠡᠯᠭᠦᠴᠢᠬᠡᠭᠡᠳ 
ᠵᠢᠰᠦ ᠶ᠋ᠢ ᠨᠢ ᠦᠵᠡᠭᠡ ᠦᠭᠡᠢ ᠥᠬᠢᠨ ᠲᠡᠢ 
ᠵᠤᠭᠠᠯᠠᠵᠤ ᠶᠠᠪᠤᠬᠤ ᠶ᠋ᠢ ᠴᠢᠨᠢ ᠬᠠᠷᠠᠭᠰᠠᠨ ᠰᠢᠦ 
ᠵᠢᠰᠦ ᠶ᠋ᠢ ᠨᠢ ᠦᠵᠡᠭᠡ ᠦᠭᠡᠢ ᠵᠠᠯᠠᠭᠤ ᠲᠠᠢ
ᠵᠤᠭᠠᠯᠠᠵᠤ ᠶᠠᠪᠤᠬᠤ ᠶ᠋ᠢ ᠴᠢᠨᠢ ᠬᠠᠷᠠᠭᠰᠠᠨ ᠰᠢᠦ

ᠬᠠᠢᠯᠠᠰᠤ ᠮᠣᠳᠣᠨ ᠤ᠋ ᠮᠥᠴᠢᠷ ᠳᠣᠣᠷ᠎ᠠ
ᠬᠠᠢᠷᠠᠲᠠᠢ ᠲᠡᠭᠦᠨ ᠢ᠋ ᠪᠡᠨ ᠬᠦᠯᠢᠶᠡᠨ᠎ᠡ ᠭᠡᠳ
ᠬᠠᠷᠠᠬᠤ ᠨᠢ ᠤᠤ ᠭᠡᠳ ᠪᠣᠳᠣᠭᠰᠠᠨ ᠴᠢᠨᠢ
ᠬᠠᠵᠠᠭᠤ ᠪᠠᠷ ᠰᠡᠭᠡᠯᠵᠡᠭᠡᠳ ᠥᠩᠭᠡᠷᠡᠯ᠎ᠡ
ᠬᠠᠷᠠᠬᠤ ᠨᠢ ᠤᠤ ᠭᠡᠳ ᠪᠣᠳᠣᠭᠰᠠᠨ ᠴᠢᠨᠢ
ᠬᠠᠵᠠᠭᠤ ᠪᠠᠷ ᠰᠡᠭᠡᠯᠵᠡᠭᠡᠳ ᠥᠩᠭᠡᠷᠡᠯ᠎ᠡ

ᠬᠡᠯᠡᠭᠰᠡᠨ ᠦᠭᠡᠨ ᠡᠴᠡ ᠪᠡᠨ ᠶᠠᠪᠤᠭᠰᠠᠨ ᠴᠢ
ᠠᠮᠠᠯᠠᠭᠰᠠᠨ ᠠ᠋ᠴᠠ ᠪᠠᠨ ᠪᠤᠴᠠᠭᠰᠠᠨ ᠴᠢ
ᠠᠬᠢᠭᠠᠳ ᠭᠤᠶᠤᠬᠤ ᠦᠭᠡᠢ ᠴᠢᠮ᠎ᠠ ᠶ᠋ᠢ ᠪᠢ
ᠠᠮᠢᠳᠤᠷᠠᠯ ᠳ᠋ᠤ᠌ ᠳᠠᠬᠢᠭᠠᠳ ᠠᠯᠳᠠᠬᠤ ᠦᠭᠡᠢ

ᠨᠠᠮᠵᠢᠭᠠᠳ ᠢᠷᠡᠬᠦ ᠶ᠋ᠢᠨ ᠠᠯᠲᠠ ᠳ᠋ᠤ᠌ ᠨᠢ
ᠨᠠᠢᠵᠠ ᠨᠢ ᠢᠩᠭᠢᠭᠡᠳ ᠶᠠᠪᠤᠶ᠎ᠠ ᠳ᠋ᠠ 
ᠨᠠᠰᠤᠨ ᠲᠤᠷᠰᠢ ᠶ᠋ᠢᠨ ᠬᠠᠨᠢ ᠭᠡᠳ
ᠨᠠᠢᠳᠠᠪᠤᠷᠢᠲᠠᠢ ᠬᠥᠮᠦᠨ ᠢ᠋ᠶ᠋ᠡᠨ ᠰᠣᠩᠭᠣᠭᠠᠷᠠᠢ
ᠨᠠᠰᠤᠨ ᠲᠤᠷᠰᠢ ᠶ᠋ᠢᠨ ᠬᠠᠨᠢ ᠭᠡᠳ
ᠨᠠᠢᠳᠠᠪᠤᠷᠢᠲᠠᠢ ᠬᠥᠮᠦᠨ ᠢ᠋ᠶ᠋ᠡᠨ ᠰᠣᠩᠭᠣᠭᠠᠷᠠᠢ

ᠨᠠᠰᠤᠨ ᠲᠤᠷᠰᠢ ᠶ᠋ᠢᠨ ᠬᠠᠨᠢ ᠭᠡᠳ
ᠨᠠᠢᠳᠠᠪᠤᠷᠢᠲᠠᠢ ᠬᠥᠮᠦᠨ ᠢ᠋ᠶ᠋ᠡᠨ ᠰᠣᠩᠭᠣᠭᠠᠷᠠᠢ

    ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
    ᠬᠢᠨᠠᠭᠴᠢ᠄ ᠭᠦᠩᠭᠠᠷ