ᠦᠦᠷ ᠦ᠋ᠨ ᠭᠡᠭᠡ- ᠬᠠᠩᠭᠢᠨ ᠮᠣᠩᠭᠣᠯ ᠪᠠᠭ᠎ᠠ ᠰᠤᠷᠭᠠᠭᠤᠯᠢҮүрийн гэг-хангин монгол бага сургуули
ᠦᠦᠷ ᠦ᠋ᠨ ᠭᠡᠭᠡ
ᠦᠭᠡ᠄ ᠪᠠᠶᠠᠨᠬᠤᠸᠠᠷ
ᠠᠶ᠎ᠠ᠄ ᠸ · ᠠᠯᠲᠠᠨᠲᠣᠪᠴᠢ
ᠳᠠᠭᠤᠯᠠᠭᠰᠠᠨ ᠨᠢ᠄ ᠣᠷᠳᠣᠰ ᠬᠣᠲᠠ ᠶ᠋ᠢᠨ ᠬᠠᠩᠭᠢᠨ ᠬᠤᠰᠢᠭᠤᠨ ᠤ᠋ ᠬᠣᠶᠠᠳᠤᠭᠠᠷ ᠪᠠᠭ᠎ᠠ ᠰᠤᠷᠭᠠᠭᠤᠯᠢ ᠶ᠋ᠢᠨ ᠳᠥᠷᠪᠡᠳᠦᠭᠡᠷ ᠣᠨ ᠤ᠋ ᠨᠢᠭᠡ ᠠᠩᠭᠢ ᠶ᠋ᠢᠨ ᠰᠤᠷᠤᠭᠴᠢᠳ ᠠ᠋ᠴᠠ
ᠦᠦᠷ ᠦ᠋ᠨ ᠭᠡᠭᠡ ᠰᠢᠭ ᠳᠤᠯᠠᠢᠭᠰᠠᠨ
ᠦᠶ᠎ᠡ ᠶ᠋ᠢᠨ ᠣᠯᠠᠨ ᠨᠠᠢᠵᠠᠳ ᠮᠢᠨᠢ
ᠡᠷᠳᠡᠮ ᠦ᠋ᠨ ᠳᠠᠯᠠᠢ ᠳ᠋ᠤ᠌ ᠱᠤᠩᠭᠤᠭᠤᠯᠤᠭᠰᠠᠨ
ᠡᠵᠢ ᠶ᠋ᠢᠨ ᠰᠡᠳᠬᠢᠯ ᠲᠡᠢ ᠪᠠᠭᠰᠢ ᠮᠢᠨᠢ
ᠨᠡᠷᠡᠲᠦ ᠬᠣᠷᠸ᠎ᠠ ᠶ᠋ᠢ ᠪᠠᠶᠠᠰᠬᠠᠭᠰᠠᠨ
ᠨᠠᠰᠤᠨ ᠪᠠᠭ᠎ᠠ ᠶ᠋ᠢᠨ ᠨᠠᠢᠵᠠᠳ ᠮᠢᠨᠢ
ᠠᠮᠢᠳᠤᠷᠠᠯ ᠵᠢᠷᠭᠠᠯ ᠢ᠋ ᠲᠠᠨᠢᠭᠤᠯᠤᠭᠰᠠᠨ
ᠠᠪᠤ ᠶ᠋ᠢᠨ ᠬᠠᠢᠷ᠎ᠠ ᠲᠠᠢ ᠪᠠᠭᠰᠢ ᠮᠢᠨᠢ
ᠦᠦᠷ ᠦ᠋ᠨ ᠴᠣᠯᠮᠣᠨ ᠰᠢᠭ᠋ ᠬᠡᠷᠡᠯᠳᠦᠵᠦ ᠶᠠᠪᠤᠶ᠎ᠠ᠂ ᠰᠤᠷᠤᠭᠴᠢ ᠴᠢᠨᠢ
ᠥᠷᠯᠥᠭᠡ ᠶ᠋ᠢᠨ ᠨᠠᠷᠠᠨ ᠰᠢᠭ᠋ ᠮᠠᠨᠳᠤᠵᠤ ᠪᠠᠢᠭᠠᠷᠠᠢ᠂ ᠰᠤᠷᠭᠠᠭᠤᠯᠢ ᠮᠢᠨᠢ
ᠥᠩᠭᠡ ᠶ᠋ᠢᠨ ᠴᠡᠴᠡᠭ ᠰᠢᠭ᠋ ᠮᠦᠰᠢᠶᠡᠭᠰᠡᠨ
ᠦᠶᠡᠷᠬᠡᠵᠦ ᠥᠰᠦᠭᠰᠡᠨ ᠨᠠᠢᠵᠠᠳ ᠮᠢᠨᠢ
ᠰᠠᠷᠠᠭᠤᠯ ᠢᠷᠡᠭᠡᠳᠦᠢ ᠶ᠋ᠢ ᠵᠣᠷᠢᠭᠤᠯᠤᠭᠰᠠᠨ
ᠰᠠᠢᠨ ᠤ᠋ ᠢᠷᠦᠭᠡᠯ ᠲᠡᠢ ᠪᠠᠭᠰᠢ ᠮᠢᠨᠢ
ᠨᠠᠮᠤᠷ ᠤ᠋ᠨ ᠰᠢᠪᠠᠭᠤᠳ ᠰᠢᠭ᠋ ᠢᠵᠢᠯᠢᠳᠦᠭᠰᠡᠨ
ᠨᠠᠨᠳᠢᠨ ᠵᠢᠷᠤᠮ ᠲᠠᠢ ᠨᠠᠢᠵᠠᠳ ᠮᠢᠨᠢ
ᠦᠢᠯᠡᠰ ᠦ᠋ᠨ ᠬᠠᠷᠭᠤᠢ ᠶ᠋ᠢ ᠵᠠᠮᠨᠠᠭᠤᠯᠤᠭᠰᠠᠨ
ᠦᠯᠡᠮᠵᠢ ᠶ᠋ᠢᠨ ᠵᠢᠳᠬᠦᠯ ᠲᠡᠢ ᠪᠠᠭᠰᠢ ᠮᠢᠨᠢ
ᠦᠦᠷ ᠦ᠋ᠨ ᠴᠣᠯᠮᠣᠨ ᠰᠢᠭ᠋ ᠬᠡᠷᠡᠯᠳᠦᠵᠦ ᠶᠠᠪᠤᠶ᠎ᠠ᠂ ᠰᠤᠷᠤᠭᠴᠢ ᠴᠢᠨᠢ
ᠥᠷᠯᠥᠭᠡ ᠶ᠋ᠢᠨ ᠨᠠᠷᠠᠨ ᠰᠢᠭ᠋ ᠮᠠᠨᠳᠤᠵᠤ ᠪᠠᠢᠭᠠᠷᠠᠢ᠂ ᠰᠤᠷᠭᠠᠭᠤᠯᠢ ᠮᠢᠨᠢ
ᠦᠦᠷ ᠦ᠋ᠨ ᠴᠣᠯᠮᠣᠨ ᠰᠢᠭ᠋ ᠬᠡᠷᠡᠯᠳᠦᠵᠦ ᠶᠠᠪᠤᠶ᠎ᠠ᠂ ᠰᠤᠷᠤᠭᠴᠢ ᠴᠢᠨᠢ
ᠥᠷᠯᠥᠭᠡ ᠶ᠋ᠢᠨ ᠨᠠᠷᠠᠨ ᠰᠢᠭ᠋ ᠮᠠᠨᠳᠤᠵᠤ ᠪᠠᠢᠭᠠᠷᠠᠢ᠂ ᠰᠤᠷᠭᠠᠭᠤᠯᠢ ᠮᠢᠨᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠬᠢᠨᠠᠭᠴᠢ᠄ ᠤᠳᠬᠠᠨᠰᠣ᠎ᠠ
