ᠴᠠᠭᠠᠨ ᠡᠭᠦᠯᠡ -ᠭᠠ᠊ · ᠬᠣᠩᠭᠣᠷᠵᠤᠯᠠ Цагаан үүл-Га ·Хонгорзол ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠡᠭᠦᠯᠡ -ᠭᠠ᠊ · ᠬᠣᠩᠭᠣᠷᠵᠤᠯᠠ Цагаан үүл-Га ·Хонгорзол

ᠴᠠᠭᠠᠨ ᠡᠭᠦᠯᠡ -ᠭᠠ᠊ · ᠬᠣᠩᠭᠣᠷᠵᠤᠯᠠ Цагаан үүл-Га ·Хонгорзол

ᠠᠩᠭᠢᠯᠠᠯ:ᠳᠠᠭᠤᠤ ᠬᠥᠭᠵᠢᠮ
2026-06-19

38

ᠴᠠᠭᠠᠨ ᠡᠭᠦᠯᠡ


          ᠦᠭᠡ᠄ ᠶᠣ· ᠡᠷᠳᠡᠨᠢᠲᠣᠭᠲᠠᠬᠤ 
          ᠠᠶ᠎ᠠ᠄ ᠭᠣᠮᠪᠣ ᠶ᠋ᠢᠨ ᠡᠷᠳᠡᠨᠢᠴᠢᠯᠠᠭᠤᠨ 
          ᠳᠠᠭᠤᠴᠢᠨ᠄ ᠭᠠ᠊ · ᠬᠣᠩᠭᠣᠷᠵᠤᠯᠠ 

ᠬᠣᠨᠢᠨ ᠴᠠᠭᠠᠨ ᠡᠭᠦᠯᠡ ᠨᠢ ᠬᠦ 
ᠬᠤᠷᠮᠤᠰᠲᠠ ᠶ᠋ᠢᠨ ᠴᠡᠭᠡᠯ ᠳ᠋ᠡᠭᠡᠨ ᠨᠡᠭᠦᠬᠦ  ᠶᠤᠮ ᠳᠡ 
ᠬᠣᠰᠢᠭᠤᠷᠠᠨ ᠰᠦᠷᠦᠭᠯᠡᠨ ᠪᠥᠮᠪᠥᠯᠵᠡᠭᠡᠳ 
ᠬᠣᠣᠰ ᠦᠭᠡᠢ ᠰᠠᠢᠬᠠᠨ ᠬᠠᠷᠠᠭᠳᠠᠬᠤ  ᠶᠤᠮ ᠳᠠ 
ᠠᠢ ᠁ ᠠᠢ 
ᠬᠣᠣᠰ ᠦᠭᠡᠢ ᠰᠠᠢᠬᠠᠨ ᠬᠠᠷᠠᠭᠳᠠᠬᠤ  ᠶᠤᠮ ᠳᠠ 

ᠲᠡᠮᠡᠭᠡᠨ ᠴᠠᠭᠠᠨ ᠡᠭᠦᠯᠡ ᠨᠢ ᠬᠦ 
ᠲᠡᠰᠢᠨ ᠵᠤᠨᠵᠢᠨ ᠨᠡᠭᠦᠬᠦ  ᠶᠤᠮ ᠳᠡ 
ᠲᠩᠷᠢ ᠶ᠋ᠢᠨ ᠵᠠᠭᠠᠳᠠᠰᠤ ᠶ᠋ᠢ ᠴᠦ᠍ ᠭᠠᠲᠤᠯᠤᠭᠠᠳ 
ᠳᠡᠯᠡᠬᠡᠢ ᠪᠡᠨ ᠲᠣᠭᠣᠷᠢᠭᠠᠳ ᠠᠶᠠᠯᠠᠬᠤ  ᠶᠤᠮ ᠳᠠ 
ᠠᠢ ᠁ ᠠᠢ
ᠳᠡᠯᠡᠬᠡᠢ ᠪᠡᠨ ᠲᠣᠭᠣᠷᠢᠭᠠᠳ ᠠᠶᠠᠯᠠᠬᠤ  ᠶᠤᠮ ᠳᠠ

ᠠᠷᠭᠤᠮᠠᠭ ᠴᠠᠭᠠᠨ ᠡᠭᠦᠯᠡ ᠨᠢ ᠬᠦ
ᠠᠶ᠎ᠠ ᠳᠤᠷ᠎ᠠ ᠪᠠᠷ ᠢ᠋ᠶ᠋ᠠᠨ ᠨᠡᠭᠦᠬᠦ ᠶᠤᠮ ᠳᠡ
ᠠᠯᠳᠠᠭᠤᠯ ᠮᠣᠷᠢ ᠰᠢᠭ᠋ ᠭᠦᠶᠦᠳᠡᠯ ᠢ᠋ᠶ᠋ᠡᠷ
ᠠᠵᠠ ᠵᠢᠷᠭᠠᠯ ᠢ᠋ᠶ᠋ᠠᠨ ᠪᠣᠯᠭᠠᠬᠤ  ᠶᠤᠮ ᠳᠠ
ᠠᠢ ᠁ ᠠᠢ
ᠠᠵᠠ ᠵᠢᠷᠭᠠᠯ ᠢ᠋ᠶ᠋ᠠᠨ ᠪᠣᠯᠭᠠᠬᠤ  ᠶᠤᠮ ᠳᠠ

ᠢᠮᠠᠭᠠᠨ ᠴᠠᠭᠠᠨ ᠡᠭᠦᠯᠡ ᠨᠢ ᠬᠦ
ᠶᠠᠮᠠᠷ ᠴᠤ᠌ ᠥᠨᠳᠥᠷ ᠲᠦ᠍ ᠬᠦᠷᠬᠦ ᠶᠤᠮ ᠳᠠ
ᠳᠠᠯᠠᠪᠴᠢ ᠵᠢᠭᠦᠷ ᠵᠠᠶᠠᠭᠠᠭᠰᠠᠨ ᠪᠣᠯ
ᠳᠠᠭᠠᠭᠠᠳ ᠠᠷᠤ ᠠ᠋ᠴᠠ ᠨᠢ ᠬᠦᠷᠬᠦ  ᠶᠤᠮ ᠰᠠᠨ ᠳᠠ
ᠠᠢ ᠁ ᠠᠢ
ᠳᠠᠭᠠᠭᠠᠳ ᠠᠷᠤ ᠠ᠋ᠴᠠ ᠨᠢ ᠬᠦᠷᠬᠦ  ᠶᠤᠮ ᠰᠠᠨ ᠳᠠ
ᠠᠢ ᠁ ᠠᠢ
ᠳᠠᠭᠠᠭᠠᠳ ᠠᠷᠤ ᠠ᠋ᠴᠠ ᠨᠢ ᠬᠦᠷᠬᠦ  ᠶᠤᠮ ᠰᠠᠨ ᠳᠠ
ᠳᠠᠭᠠᠭᠠᠳ ᠠᠷᠤ ᠠ᠋ᠴᠠ ᠨᠢ ᠬᠦᠷᠬᠦ  ᠶᠤᠮ ᠰᠠᠨ ᠳᠠ

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ