ᠤᠴᠢᠷᠯᠠᠨ ᠰᠠᠨᠠᠭᠳᠠᠬᠤ ᠠᠪᠤ ᠮᠢᠨᠢ -ᠪᠠᠶᠠᠨᠵᠢᠷᠭᠠᠯᠠᠩ ᠤ᠋ᠨ ᠯᠢᠩᠬᠤᠸᠠᠴᠡᠴᠡᠭ Учирлан санагдах аав минь-Баянжаргалангийн Лянхувцэцэг
ᠤᠴᠢᠷᠯᠠᠨ ᠰᠠᠨᠠᠭᠳᠠᠬᠤ ᠠᠪᠤ ᠮᠢᠨᠢ
ᠦᠭᠡ᠄ ᠪᠠ᠂ ᠭᠠᠪᠢᠶᠠᠲᠤ
ᠠᠶ᠎ᠠ᠄ ᠣᠳᠬᠣᠨᠪᠠᠭᠠᠲᠤᠷ
ᠳᠠᠭᠤᠴᠢᠨ᠄ ᠪᠠᠶᠠᠨᠵᠢᠷᠭᠠᠯᠠᠩ ᠤ᠋ᠨ ᠯᠢᠩᠬᠤᠸᠠᠴᠡᠴᠡᠭ
ᠡᠷᠳᠡᠨᠢᠲᠦ ᠶᠠᠰᠤ ᠪᠠᠨ ᠬᠡᠯᠲᠡᠯᠦᠨ ᠲᠥᠷᠥᠭᠦᠯᠵᠦ
ᠡᠬᠡ ᠶ᠋ᠢᠨ ᠲᠠᠪᠢᠯᠠᠩ ᠢ᠋ ᠢᠵᠢᠯᠬᠡᠨ ᠡᠭᠦᠷᠦᠭᠰᠡᠨ
ᠬᠠᠨ ᠬᠣᠷᠸ᠎ᠠ ᠶ᠋ᠢᠨ ᠠᠮᠢᠨ ᠵᠠᠶᠠᠭᠠᠨ ᠳ᠋ᠤ᠌ ᠪᠠᠨ
ᠬᠠᠯᠠ ᠬᠠᠢᠷ᠎ᠠ ᠪᠠᠨ ᠵᠡᠷᠭᠡᠴᠡᠭᠦᠯᠵᠦ ᠥᠰᠬᠡᠭᠰᠡᠨ
ᠠ ᠬᠠ ᠬᠦᠢ ᠠᠪᠤ ᠶ᠋ᠢ ᠪᠡᠨ
ᠤᠶᠠᠬᠠᠨ ᠬᠣᠷᠸ᠎ᠠ ᠳ᠋ᠤ᠌ ᠤᠴᠢᠷᠯᠠᠨ ᠰᠠᠨᠠᠬᠤ ᠶᠤᠮ ᠠ᠋
ᠤᠬᠠᠭᠠᠨ ᠪᠣᠳᠣᠯ ᠠ᠋ᠴᠠ ᠨᠢ ᠰᠦ ᠠᠮᠲᠠᠯᠠᠭᠳᠠᠭᠰᠠᠨ
ᠤᠴᠢᠷᠯᠠᠭᠰᠠᠨ ᠦᠭᠡᠨ ᠡᠴᠡ ᠨᠢ ᠰᠤᠷᠭᠠᠯ ᠠᠢᠯᠠᠳᠤᠭᠰᠠᠨ
ᠬᠣᠷᠸ᠎ᠠ ᠶ᠋ᠢ ᠵᠥᠭᠡᠯᠡᠯᠡᠬᠦ ᠬᠣᠯᠠᠴᠢ ᠤᠬᠠᠭᠠᠨ ᠢ᠋ᠶ᠋ᠠᠨ
ᠬᠣᠩᠭᠣᠷ ᠦᠷᠡᠰ ᠲᠦ᠍ ᠪᠡᠨ ᠥᠪᠯᠡᠭᠦᠯᠵᠦ ᠦᠭᠭᠦᠭᠰᠡᠨ
ᠠ ᠬᠠ ᠬᠦᠢ ᠠᠪᠤ ᠶ᠋ᠢ ᠪᠡᠨ
ᠤᠶᠠᠬᠠᠨ ᠬᠣᠷᠸ᠎ᠠ ᠳ᠋ᠤ᠌ ᠤᠴᠢᠷᠯᠠᠨ ᠰᠠᠨᠠᠬᠤ ᠶᠤᠮ ᠠ᠋
ᠭᠡᠷ ᠢ᠋ᠶ᠋ᠡᠨ ᠪᠦᠯᠢᠶᠡᠯᠡᠵᠦ ᠪᠦᠯᠢ ᠪᠡᠨ ᠳᠤᠯᠠᠭᠠᠯᠠᠭᠰᠠᠨ
ᠭᠡᠭᠡᠨ ᠳᠥᠯᠥ ᠰᠢᠭ ᠨᠠᠷᠠᠨ ᠠᠪᠤ ᠮᠢᠨᠢ
ᠬᠡᠰᠢᠭ ᠪᠤᠶᠠᠨ ᠢ᠋ᠶ᠋ᠠᠨ ᠦᠷ᠎ᠡ ᠳ᠋ᠦ᠍ ᠪᠡᠨ ᠭᠡᠰᠡᠨ
ᠭᠡᠭᠡᠨ ᠰᠡᠳᠬᠢᠯ ᠲᠡᠢ ᠲᠡᠭᠷᠢ ᠠᠪᠤ ᠮᠢᠨᠢ
ᠠ ᠬᠠ ᠬᠦᠢ ᠠᠪᠤ ᠶ᠋ᠢ ᠪᠡᠨ
ᠤᠶᠠᠬᠠᠨ ᠬᠣᠷᠸ᠎ᠠ ᠳ᠋ᠤ᠌ ᠤᠴᠢᠷᠯᠠᠨ ᠰᠠᠨᠠᠬᠤ ᠶᠤᠮ ᠠ᠋
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠦᠰᠦᠭ ᠠᠮᠢᠯᠠᠭᠤᠯᠵᠤ ᠬᠠᠲᠠᠭᠰᠠᠨ ᠨᠢ᠄ ᠭᠠᠸᠠ
ᠦᠰᠦᠭ ᠬᠢᠨᠠᠭᠴᠢ᠄ ᠢᠷᠡᠭᠡᠳᠦᠢ
