ᠰᠢᠲᠦᠨ ᠪᠠᠷᠢᠯᠳᠤᠯᠭ᠎ᠠ ᠶ᠋ᠢᠨ ᠮᠠᠭᠲᠠᠭᠠᠯ ᠰᠠᠢᠨ ᠨᠣᠮᠯᠠᠯ ᠤ᠋ᠨ ᠵᠢᠷᠦᠬᠡᠨ ᠬᠡᠮᠡᠬᠦ ᠣᠷᠣᠰᠢᠪᠠᠢ ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠲᠦᠨ ᠪᠠᠷᠢᠯᠳᠤᠯᠭ᠎ᠠ ᠶ᠋ᠢᠨ ᠮᠠᠭᠲᠠᠭᠠᠯ ᠰᠠᠢᠨ ᠨᠣᠮᠯᠠᠯ ᠤ᠋ᠨ ᠵᠢᠷᠦᠬᠡᠨ ᠬᠡᠮᠡᠬᠦ ᠣᠷᠣᠰᠢᠪᠠᠢ

ᠰᠢᠲᠦᠨ ᠪᠠᠷᠢᠯᠳᠤᠯᠭ᠎ᠠ ᠶ᠋ᠢᠨ ᠮᠠᠭᠲᠠᠭᠠᠯ ᠰᠠᠢᠨ ᠨᠣᠮᠯᠠᠯ ᠤ᠋ᠨ ᠵᠢᠷᠦᠬᠡᠨ ᠬᠡᠮᠡᠬᠦ ᠣᠷᠣᠰᠢᠪᠠᠢ

2026-06-17

15

ᠰᠢᠲᠦᠨ ᠪᠠᠷᠢᠯᠳᠤᠯᠭ᠎ᠠ ᠶ᠋ᠢᠨ ᠮᠠᠭᠲᠠᠭᠠᠯ ᠰᠠᠢᠨ ᠨᠣᠮᠯᠠᠯ ᠤ᠋ᠨ ᠵᠢᠷᠦᠬᠡᠨ ᠬᠡᠮᠡᠬᠦ ᠣᠷᠣᠰᠢᠪᠠᠢ


ᠰᠢᠷ᠎ᠠ ᠶ᠋ᠢᠨ ᠱᠠᠰᠢᠨ ᠤ᠋ ᠶᠡᠬᠡ ᠪᠠᠭᠰᠢ ᠂ ᠴᠠᠰᠤᠲᠤ ᠲᠥᠪᠡᠳ ᠦ᠋ᠨ ᠣᠷᠣᠢ ᠶ᠋ᠢᠨ ᠳᠡᠭᠡᠳᠦ ᠬᠣᠶᠠᠳᠤᠭᠠᠷ ᠢᠯᠠᠭᠤᠭᠰᠠᠨ ᠭᠡᠮᠡᠨ ᠠᠯᠳᠠᠷᠰᠢᠭᠰᠠᠨ ᠪᠣᠭᠳᠠ ᠽᠤᠩᠺᠠᠪᠠ ᠪᠠᠷ (1357—1419)ᠪᠤᠷᠬᠠᠨ ᠤ᠋ ᠰᠤᠷᠭᠠᠯ ᠤ᠋ᠨ ᠰᠢᠮ᠎ᠡ ᠬᠣᠭᠣᠰᠣᠨ ᠴᠢᠨᠠᠷ ᠢ᠋ ᠤᠨᠤᠵᠤ ᠮᠡᠳᠡᠬᠦ ᠶ᠋ᠢᠨ ᠠᠨᠢᠰᠤ ᠪᠣᠯᠤᠭᠰᠠᠨ ᠰᠢᠳᠦᠨ ᠪᠠᠷᠢᠯᠳᠤᠯᠭ᠎ᠠ ᠶ᠋ᠢᠨ ᠤᠴᠢᠷ ᠰᠢᠯᠲᠠᠭᠠᠨ ᠤ᠋ ᠠᠴᠢ ᠲᠤᠰᠠ ᠶ᠋ᠢ ᠰᠢᠯᠦᠭᠯᠡᠨ ᠮᠠᠭᠲᠠᠭᠰᠠᠨ ᠡᠨᠡ ᠮᠠᠭᠲᠠᠭᠠᠯ ᠢ᠋ᠶ᠋ᠠᠨ (ᠰᠢᠲᠦᠨ ᠪᠠᠷᠢᠯᠳᠤᠯᠭ᠎ᠠ ᠶ᠋ᠢᠨ ᠮᠠᠭᠲᠠᠭᠠᠯ )1398 ᠣᠨ ᠳ᠋ᠤ᠌ ᠲᠤᠭᠤᠷᠪᠢᠵᠠᠢ᠃

ᠨᠠᠮᠤ ᠬᠦᠷᠦ ᠮᠠᠨᠽᠤᠰᠢᠷᠢ
ᠪᠠᠭᠰᠢ ᠵᠥᠭᠡᠯᠡᠨ ᠴᠣᠭᠲᠤ ᠳ᠋ᠤᠷ ᠮᠥᠷᠭᠥᠮᠦ

ᠠᠯᠢᠨ ᠢ᠋ ᠪᠣᠯᠭᠣᠭᠠᠨ ᠨᠣᠮᠯᠠᠭᠰᠠᠨ ᠢ᠋ᠶ᠋ᠠᠷ ᠬᠠᠨᠢᠴᠠᠰᠢ ᠦᠭᠡᠢ ᠠᠢᠯᠠᠳᠬᠠᠯᠲᠤ ᠪᠠᠭᠰᠢ ᠪᠣᠯᠤᠭᠰᠠᠨ᠂
ᠠᠬᠤᠢ ᠶ᠋ᠢᠨ ᠶᠣᠰᠣ ᠰᠢᠲᠦᠨ ᠪᠠᠷᠢᠯᠳᠤᠯᠭ᠎ᠠ ᠶ᠋ᠢ
ᠪᠣᠯᠭᠣᠭᠠᠨ ᠨᠣᠮᠯᠠᠭᠰᠠᠨ ᠪᠤᠷᠬᠠᠨ ᠲᠡᠭᠦᠨ ᠳ᠋ᠦ᠍ᠷ ᠮᠥᠷᠭᠥᠮᠦ

ᠶᠢᠷᠲᠢᠨᠴᠦ ᠶ᠋ᠢᠨ ᠳᠣᠷᠣᠢᠲᠠᠯ ᠪᠦᠭᠦᠳᠡ
ᠶᠡᠷᠦ ᠲᠡᠭᠦᠨ ᠦ᠌ ᠦᠨᠳᠦᠰᠦ ᠨᠢ ᠮᠤᠩᠬᠠᠭ ᠠᠭᠠᠳ
ᠠᠯᠢᠮᠠᠳ ᠰᠢᠲᠦᠨ ᠪᠠᠷᠢᠯᠳᠤᠯᠭ᠎ᠠ ᠶ᠋ᠢ ᠮᠡᠳᠡᠭᠰᠡᠨ ᠢ᠋ᠶ᠋ᠡᠷ
ᠠᠶᠤᠯ ᠲᠡᠭᠦᠨ ᠢ᠋ ᠪᠤᠴᠠᠭᠠᠨ᠎ᠠ ᠭᠡᠮᠡᠨ ᠵᠠᠷᠯᠢᠭᠯᠠᠪᠠ

ᠲᠡᠷᠡ ᠴᠠᠭ ᠲᠤ᠌ ᠲᠡᠭᠦᠰ ᠤᠬᠠᠭᠠᠨᠲᠤ ᠬᠡᠨ ᠢ᠋ᠶ᠋ᠡᠷ
ᠲᠥᠪ ᠰᠢᠳᠦᠨ ᠪᠠᠷᠢᠯᠳᠤᠯᠭ᠎ᠠ ᠶ᠋ᠢᠨ ᠮᠥᠷ ᠢ᠋
ᠲᠠᠨ ᠤ᠋ ᠱᠠᠰᠢᠨ ᠤ᠋ ᠭᠠᠭᠴᠠ ᠠᠨᠢᠰᠤ ᠭᠡᠮᠡᠨ ᠳᠠᠭᠠᠯᠠᠬᠤ ᠦᠭᠡᠢ ᠪᠠᠢᠵᠤ ᠶᠠᠭᠠᠬᠢᠨ ᠴᠢᠳᠠᠬᠤ ᠃

ᠲᠡᠢᠮᠦ ᠤᠴᠢᠷ ᠡᠴᠡ ᠢᠲᠡᠭᠡᠯ ᠲᠠᠨ ᠢ᠋ ᠮᠠᠭᠲᠠᠬᠤ
ᠮᠠᠭᠲᠠᠭᠠᠯ ᠤ᠋ᠨ ᠳᠤᠮᠳᠠ ᠡᠴᠡ ᠬᠡᠨ ᠨᠢᠭᠡᠨ ᠢ᠋ᠶ᠋ᠡᠷ
ᠠᠬᠤᠢ ᠰᠢᠲᠦᠨ ᠪᠠᠷᠢᠯᠳᠤᠯᠭ᠎ᠠ ᠶ᠋ᠢ ᠨᠣᠮᠯᠠᠭᠴᠢ ᠬᠡᠮᠡᠬᠦ
ᠠᠭᠤᠤ ᠭᠠᠢᠬᠠᠮᠰᠢᠭᠲᠤ ᠮᠠᠭᠲᠠᠭᠠᠯ ᠢ᠋ ᠶᠠᠭᠠᠬᠢᠨ ᠣᠯᠬᠤ᠃

《ᠠᠯᠢ ᠠᠯᠢᠨ ᠰᠢᠯᠲᠠᠭᠠᠨ ᠳ᠋ᠤ᠌ ᠬᠠᠷᠠᠭᠠᠯᠵᠠᠪᠠᠰᠤ ᠲᠡᠷᠡ ᠲᠡᠷᠡ ᠨᠢ ᠥᠪᠡᠷ ᠦ᠋ᠨ ᠴᠢᠨᠠᠷ ᠢ᠋ᠶ᠋ᠠᠷ ᠬᠣᠭᠣᠰᠣᠨ》
ᠬᠡᠮᠡᠬᠦ ᠡᠢᠮᠦ ᠨᠣᠮᠯᠠᠯ ᠡᠴᠡ ᠢᠯᠡᠭᠦᠦ ᠭᠠᠢᠬᠠᠮᠰᠢᠭᠲᠤ
ᠡᠩ ᠦᠭᠡᠢ ᠠᠢᠯᠠᠳᠪᠤᠷᠢ ᠬᠠᠮᠢᠭ᠎ᠠ ᠡᠴᠡ ᠪᠠᠢᠬᠤ ᠪᠣᠢ᠃

ᠡᠭᠡᠯ ᠨᠢᠯᠬᠠᠰ ᠤ᠋ᠨ ᠬᠤᠪᠢ ᠳ᠋ᠤ᠌ ᠡᠨᠡ ᠨᠢ ᠡᠴᠦᠰᠯᠡᠨ ᠪᠠᠷᠢᠭᠴᠢ ᠬᠦᠯᠢᠶᠡᠰᠦ ᠶ᠋ᠢ ᠪᠠᠲᠤᠳᠬᠠᠨ᠎ᠠ
ᠡᠷᠳᠡᠮᠲᠦ ᠮᠡᠷᠭᠡᠳ ᠦ᠋ᠨ ᠬᠤᠪᠢ ᠳ᠋ᠤ᠌ ᠲᠡᠷᠡ ᠨᠢ ᠡᠨᠳᠡᠭᠦᠦ ᠲᠤᠭᠤᠷᠪᠢᠯ ᠪᠦᠭᠦᠳᠡ ᠶ᠋ᠢ ᠲᠠᠰᠤᠯᠬᠤ ᠡᠭᠦᠳᠡ ᠪᠣᠯᠤᠨ᠎ᠠ

ᠵᠥᠪ ᠡᠢᠮᠦ ᠨᠣᠮᠯᠠᠯ ᠪᠤᠰᠤᠳ ᠲᠤ᠌ ᠦᠭᠡᠢ ᠲᠤᠯᠠ
ᠵᠥᠪᠬᠡᠨ ᠲᠠ ᠯᠠ 《ᠪᠠᠭᠰᠢ》ᠬᠡᠮᠡᠭᠳᠡᠬᠦ ᠪᠣᠯᠤᠶᠤ
ᠲᠡᠷᠰ ᠦ᠋ᠳ ᠦ᠋ᠨ ᠨᠣᠮᠯᠠᠭᠴᠢ ᠶ᠋ᠢ ᠪᠠᠭᠰᠢ ᠬᠡᠮᠡᠪᠡᠯ
ᠲᠡᠷᠰ ᠦᠨᠡᠭᠡ ᠶ᠋ᠢ ᠠᠷᠰᠯᠠᠨ ᠭᠡᠮᠡᠨ ᠵᠢᠰᠤᠷᠳᠠᠬᠤ ᠮᠡᠲᠦ᠃

ᠭᠠᠢᠬᠠᠮᠰᠢᠭᠲᠤ ᠪᠠᠭᠰᠢ ᠂ᠭᠠᠢᠬᠠᠮᠰᠢᠭᠲᠤ ᠠᠪᠤᠷᠠᠯ᠂ ᠭᠠᠢᠬᠠᠮᠰᠢᠭᠲᠤ ᠥᠭᠦᠯᠡᠭᠴᠢ᠂ ᠭᠠᠢᠬᠠᠮᠰᠢᠭᠲᠤ ᠢᠲᠡᠭᠡᠯ ᠂
ᠭᠠᠷᠴᠠᠭ᠎ᠠ ᠦᠭᠡᠢ ᠰᠢᠳᠦᠨ ᠪᠠᠷᠢᠯᠳᠤᠯᠭ᠎ᠠ ᠶ᠋ᠢ ᠨᠣᠮᠯᠠᠭᠴᠢ
ᠭᠠᠭᠴᠠ ᠪᠠᠭᠰᠢ ᠲᠡᠭᠦᠨ ᠳ᠋ᠦ᠍ᠷ ᠪᠢ ᠮᠥᠷᠭᠥᠮᠦ

ᠠᠰᠤᠷᠤ ᠲᠤᠰᠠ ᠶ᠋ᠢ ᠵᠣᠬᠢᠶᠠᠭᠴᠢ ᠲᠠᠨ ᠤ᠋ ᠠᠢᠯᠠᠳᠤᠭᠰᠠᠨ
ᠠᠮᠢᠲᠠᠨ ᠢ᠋ ᠠᠨᠠᠭᠠᠬᠤ ᠰᠤᠷᠭᠠᠯ ᠨᠣᠮᠯᠠᠯ ᠤ᠋ᠨ ᠠᠮᠢᠨ ᠰᠢᠮ᠎ᠡ ᠬᠣᠭᠣᠰᠣᠨ ᠴᠢᠨᠠᠷ ᠢ᠋
ᠠᠨᠳᠠᠭᠤᠷᠠᠯ ᠦᠭᠡᠢ ᠮᠠᠭᠠᠳᠯᠠᠬᠤ ᠶ᠋ᠢᠨ ᠳᠡᠭᠡᠳᠦ ᠨᠤᠲᠠᠯᠠᠭ᠎ᠠ

ᠬᠠᠷᠢᠯᠴᠠᠨ ᠰᠢᠲᠦᠯᠴᠡᠬᠦᠢ ᠵᠢᠮ᠎ᠡ ᠶᠣᠰᠣ ᠡᠭᠦᠨ ᠢ᠋
ᠬᠠᠷᠰᠢᠯᠠᠬᠤ ᠪᠠ ᠡᠰᠡ ᠪᠦᠲᠦᠬᠦ ᠨᠣᠳᠠᠯᠠᠭᠠᠨ ᠳ᠋ᠤ᠌
ᠠᠨᠳᠠᠭᠤᠷᠠᠨ ᠪᠠᠷᠢᠭᠴᠢ ᠲᠡᠳᠡ ᠪᠡᠷ ᠲᠠᠨ ᠤ᠋ ᠶᠣᠰᠣ ᠶ᠋ᠢ
ᠠᠶ᠎ᠠ ᠂ ᠶᠠᠭᠠᠬᠢᠨ ᠲᠠᠨᠢᠵᠤ ᠴᠢᠳᠠᠬᠤ ᠪᠢᠯᠡ

ᠡᠷᠬᠢᠮ ᠲᠠ ᠬᠡᠵᠢᠶ᠎ᠡ ᠨᠢᠭᠡᠨᠲᠡ ᠬᠣᠭᠣᠰᠣᠨ ᠴᠢᠨᠠᠷ ᠢ᠋
ᠡᠯ᠎ᠡ ᠰᠢᠲᠦᠨ ᠪᠠᠷᠢᠯᠳᠤᠯᠭ᠎ᠠ ᠶ᠋ᠢᠨ ᠤᠳᠬ᠎ᠠ ᠳ᠋ᠤ᠌ ᠤᠬᠠᠭᠠᠷᠠᠪᠠᠯ
ᠥᠪᠡᠷ ᠦ᠋ᠨ ᠴᠢᠨᠠᠷ ᠡᠴᠡ ᠬᠣᠭᠣᠰᠣᠨ ᠯᠤᠭ᠎ᠠ ᠦᠢᠯᠡ ᠦᠢᠯᠡᠳᠦᠯ ᠦ᠋ᠨ ᠵᠣᠬᠢᠴᠠᠯ ᠦᠯᠦ ᠬᠠᠷᠰᠢᠯᠠᠬᠤ ᠪᠥᠭᠡᠳ

ᠬᠠᠷᠢᠨ ᠲᠡᠭᠦᠨ ᠡᠴᠡ ᠠᠩᠭᠢᠳᠠ ᠰᠡᠳᠬᠢᠯ ᠤᠬᠠᠭᠠᠷᠠᠪᠠᠯ ᠬᠣᠭᠣᠰᠣᠨ ᠴᠢᠨᠠᠷ ᠲᠤ᠌ ᠦᠢᠯᠡᠳᠦᠯ ᠵᠣᠬᠢᠰ ᠦᠭᠡᠢ ᠪᠠ
ᠦᠢᠯᠡ ᠯᠦ᠍ᠭᠡ ᠰᠡᠳᠬᠢᠯ ᠴᠦ᠍ ᠬᠣᠭᠣᠰᠣᠨ ᠴᠢᠨᠠᠷ ᠵᠣᠬᠢᠰ ᠦᠭᠡᠢ ᠲᠤᠯᠠ
ᠦᠯᠡᠮᠵᠢ ᠬᠠᠯᠢᠯ ᠳ᠋ᠤ᠌ ᠤᠨᠠᠨ᠎ᠠ ᠭᠡᠮᠡᠨ ᠲᠠᠭᠠᠯᠠᠭᠰᠠᠨ᠃

ᠲᠡᠢᠮᠦ ᠶ᠋ᠢᠨ ᠲᠤᠯᠠ ᠲᠠᠨ ᠤ᠋ ᠱᠠᠰᠢᠨ ᠳ᠋ᠤᠷ
ᠰᠢᠳᠦᠨ ᠪᠠᠷᠢᠯᠳᠤᠯᠭ᠎ᠠ ᠶ᠋ᠢ ᠤᠬᠠᠭᠠᠷᠠᠬᠤ ᠶ᠋ᠢ ᠰᠠᠢᠲᠤᠷ ᠰᠠᠢᠰᠢᠶᠠᠪᠠ᠃
ᠲᠡᠷᠡ ᠨᠢ ᠴᠦ᠍ ᠣᠭᠲᠣ ᠦᠭᠡᠢ ᠬᠢᠭᠡᠳ
ᠥᠪᠡᠷ ᠦ᠋ᠨ ᠴᠢᠨᠠᠷ ᠢ᠋ᠶ᠋ᠠᠷ ᠪᠠᠢᠭ᠎ᠠ ᠴᠤ᠌ ᠪᠤᠰᠤ

ᠶᠠᠭᠤᠨ ᠡᠴᠡ ᠴᠤ᠌ ᠡᠰᠡ ᠭᠠᠪᠢᠶᠠᠳᠤᠬᠤ ᠣᠭᠲᠠᠷᠭᠤᠢ ᠶ᠋ᠢᠨ ᠴᠡᠴᠡᠭ ᠮᠡᠲᠦ᠂
ᠲᠡᠢᠮᠦ ᠶ᠋ᠢᠨ ᠲᠤᠯᠠ ᠦᠯᠦ ᠰᠢᠲᠦᠭᠴᠢ ᠦᠭᠡᠢ ᠪᠥᠭᠡᠳ
ᠮᠥᠨ ᠴᠢᠨᠠᠷ ᠢ᠋ᠶ᠋ᠠᠷ ᠪᠦᠲᠦᠪᠡᠰᠦ ᠲᠡᠭᠦᠨ ᠦ᠌ ᠣᠷᠣᠰᠢᠬᠤ ᠨᠢ
ᠰᠢᠯᠲᠠᠭᠠᠨ ᠨᠥᠬᠥᠴᠡᠯ ᠬᠠᠷᠠᠭᠠᠯᠵᠠᠬᠤ ᠳ᠋ᠤ᠌ ᠬᠠᠷᠰᠢ ᠪᠣᠯᠤᠨ᠎ᠠ

ᠲᠡᠢᠮᠦ ᠤᠴᠢᠷ ᠡᠴᠡ ᠰᠢᠳᠦᠨ ᠪᠠᠷᠢᠯᠳᠤᠯᠭ᠎ᠠ ᠡᠴᠡ
ᠲᠤᠰᠠᠭᠠᠷ ᠶᠠᠭᠤᠮᠠᠰ ᠣᠭᠲᠣ ᠦᠭᠡᠢ ᠪᠥᠭᠡᠳ
ᠥᠪᠡᠷ ᠦ᠋ᠨ ᠴᠢᠨᠠᠷ ᠢ᠋ᠶ᠋ᠠᠷ ᠬᠣᠭᠣᠰᠣᠨ ᠡᠴᠡ ᠴᠤ᠌ ᠥᠭᠡᠷ᠎ᠡ
ᠠᠩᠭᠢᠳᠠ ᠶᠠᠭᠤᠮᠠᠰ ᠣᠭᠲᠣ ᠦᠭᠡᠢ ᠭᠡᠮᠡᠨ ᠨᠣᠮᠯᠠᠪᠠ

ᠶᠠᠭᠤᠮᠠᠰ ᠲᠤ᠌ ᠥᠴᠦᠬᠡᠨ ᠥᠪᠡᠷ ᠦ᠋ᠨ ᠴᠢᠨᠠᠷ ᠪᠠᠢᠳᠠᠭ ᠰᠠᠨ ᠪᠣᠯ
ᠶᠡᠷᠦ ᠥᠪᠡᠷ ᠦ᠋ᠨ ᠴᠢᠨᠠᠷ ᠦᠯᠦ ᠪᠤᠴᠠᠬᠤ ᠲᠤᠯᠠ
ᠭᠠᠰᠠᠯᠠᠩ ᠡᠴᠡ ᠨᠥᠭᠴᠢᠬᠦ ᠨᠢ ᠵᠣᠬᠢᠰ ᠦᠭᠡᠢ ᠪᠥᠭᠡᠳ
ᠭᠠᠷ ᠲᠤᠭᠤᠷᠪᠢᠯ ᠪᠤᠴᠠᠬᠤ ᠦᠭᠡᠢ ᠭᠡᠵᠦ ᠨᠣᠮᠯᠠᠪᠠ᠃

ᠠᠶ᠎ᠠ᠂ ᠥᠪᠡᠷ ᠦ᠋ᠨ ᠴᠢᠨᠠᠷ ᠢ᠋ᠶ᠋ᠠᠷ ᠠᠩᠭᠢᠵᠢᠷᠠᠭᠰᠠᠨ ᠭᠡᠮᠡᠨ
ᠠᠷᠰᠯᠠᠨ ᠤ᠋ ᠳᠠᠭᠤ ᠪᠠᠷ ᠮᠡᠷᠭᠡᠳ ᠦ᠋ᠨ ᠴᠢᠭᠤᠯᠭᠠᠨ ᠳ᠋ᠤ᠌
ᠠᠬᠢᠨ ᠳᠠᠬᠢᠨ ᠰᠠᠢᠲᠤᠷ ᠨᠣᠮᠯᠠᠭᠰᠠᠨ
ᠠᠯᠢᠨ ᠲᠡᠭᠦᠨ ᠢ᠋ ᠬᠡᠨ ᠡᠰᠡᠷᠭᠦᠴᠡᠨ ᠴᠢᠳᠠᠬᠤ

ᠥᠪᠡᠷ ᠦ᠋ᠨ ᠴᠢᠨᠠᠷ ᠥᠴᠦᠬᠡᠨ ᠴᠦ᠍ ᠦᠭᠡᠢ ᠬᠢᠭᠡᠳ
ᠡᠭᠦᠨ ᠳ᠋ᠦ᠍ ᠰᠢᠲᠦᠨ ᠡᠨᠡ ᠭᠠᠷᠬᠤ
ᠲᠠᠭᠠᠴᠠᠭᠰᠠᠨ ᠠᠭᠤᠯᠭ᠎ᠠ ᠡᠯ᠎ᠡ ᠬᠣᠶᠠᠷ
ᠲᠠᠭᠠᠴᠠᠬᠤ ᠦᠯᠦ ᠬᠠᠷᠰᠢᠯᠠᠬᠤ ᠡᠭᠦᠨ ᠢ᠋ ᠬᠡᠯᠡᠬᠦ ᠶᠠᠭᠤᠨ

ᠡᠯ᠎ᠡ ᠰᠢᠳᠦᠨ ᠪᠠᠷᠢᠯᠳᠤᠯᠭ᠎ᠠ ᠶ᠋ᠢᠨ ᠰᠢᠯᠲᠠᠭᠠᠨ ᠢ᠋ᠶ᠋ᠠᠷ
ᠡᠴᠦᠰᠯᠡᠨ ᠪᠠᠷᠢᠮᠲᠠᠯᠠᠬᠤ ᠦᠵᠡᠯ ᠳ᠋ᠦ᠍ ᠦᠯᠦ ᠰᠢᠲᠦᠨ᠎ᠡ ᠭᠡᠮᠡᠨ
ᠰᠠᠢᠲᠤᠷ ᠨᠣᠮᠯᠠᠭᠰᠠᠨ ᠡᠨᠡ ᠢᠲᠡᠭᠡᠯᠲᠦ ᠲᠠᠨ ᠤ᠋
ᠰᠡᠴᠡ ᠬᠠᠨᠢᠴᠠᠰᠢ ᠦᠭᠡᠢ ᠥᠭᠦᠯᠡᠬᠦ ᠶ᠋ᠢᠨ ᠤᠭ ᠰᠢᠯᠲᠠᠭᠠᠨ ᠮᠥᠨ

ᠮᠡᠳᠡᠭᠳᠡᠬᠦᠨ ᠪᠦᠭᠦᠳᠡ ᠮᠥᠨ ᠴᠢᠨᠠᠷ ᠢ᠋ᠶ᠋ᠠᠷ ᠬᠣᠭᠣᠰᠣᠨ ᠪᠠ
ᠮᠠᠭᠠᠳ ᠰᠢᠯᠲᠠᠭᠠᠨ ᠡᠴᠡ ᠦᠷ᠎ᠡ ᠭᠠᠷᠬᠤ ᠶ᠋ᠢᠨ ᠢᠨᠠᠭᠰᠢ ᠴᠢᠨᠠᠭᠰᠢ
ᠬᠣᠶᠠᠷ ᠮᠠᠭᠠᠳᠯᠠᠯ ᠢ᠋ ᠶᠠᠭᠠᠬᠢᠪᠠᠴᠤ ᠬᠠᠷᠰᠢᠭᠤᠯᠤᠯ ᠦᠭᠡᠢ ᠨᠥᠬᠥᠷᠯᠡᠭᠦᠯᠪᠡᠰᠦ
ᠡᠭᠦᠨ ᠡᠴᠡ ᠭᠠᠢᠬᠠᠮᠰᠢᠭᠲᠠᠢ ᠬᠢᠭᠡᠳ
ᠡᠭᠦᠨ ᠡᠴᠡ ᠲᠠᠩᠰᠤᠭ ᠶᠠᠭᠤ ᠪᠠᠢᠬᠤ ᠪᠣᠢ᠃
ᠡᠨᠡ ᠶᠣᠰᠣᠭᠠᠷ ᠲᠠᠨ ᠢ᠋ ᠮᠠᠭᠲᠠᠪᠠᠰᠤ
ᠡᠷᠬᠢᠮ ᠮᠠᠭᠲᠠᠭᠠᠯ ᠪᠤᠶᠤ᠂ ᠪᠤᠰᠤᠳ ᠨᠢ ᠦᠭᠡᠢ᠃

ᠪᠠᠯᠠᠢ ᠮᠤᠩᠬᠠᠭ ᠤ᠋ᠨ ᠪᠣᠭᠣᠯ ᠪᠣᠯᠤᠭᠰᠠᠨ
ᠪᠠᠯᠠᠮᠠᠳ ᠨᠢᠭᠡ ᠨᠢ ᠲᠠᠨ ᠲᠠᠢ ᠮᠥᠴᠡᠭᠡᠷᠬᠡᠭᠴᠢ
ᠥᠪᠡᠷ ᠦ᠋ᠨ ᠴᠢᠨᠠᠷ ᠦᠭᠡᠢ ᠶ᠋ᠢᠨ ᠳᠠᠭᠤᠨ ᠳ᠋ᠤ᠌
ᠦᠯᠦ ᠲᠡᠰᠬᠦ ᠶ᠋ᠢ ᠭᠠᠢᠬᠠᠬᠤ ᠬᠡᠷᠡᠭ ᠶᠠᠭᠤᠨ

ᠠᠪᠤᠷᠠᠯᠲᠤ ᠲᠠᠨ ᠤ᠋ ᠵᠠᠷᠯᠢᠭ ᠤ᠋ᠨ ᠡᠩᠬᠦᠷᠡᠢ ᠰᠠᠩ
ᠠᠬᠤᠢ ᠰᠢᠲᠦᠨ ᠪᠠᠷᠢᠯᠳᠤᠯᠭ᠎ᠠ ᠶ᠋ᠢ ᠵᠥᠪᠰᠢᠶᠡᠷᠡᠭᠡᠳ
ᠠᠭᠤᠤ ᠬᠣᠭᠣᠰᠣᠨ ᠴᠢᠨᠠᠷ ᠤ᠋ᠨ ᠳᠠᠭᠤᠨ ᠳ᠋ᠤ᠌ ᠦᠯᠦ ᠳᠠᠰᠤᠭᠴᠢ
ᠠᠯᠢᠨ ᠲᠡᠭᠦᠨ ᠢ᠋ ᠪᠢ ᠪᠡᠷ ᠭᠠᠢᠬᠠᠮᠤᠢ᠃

ᠲᠡᠢᠨ ᠥᠪᠡᠷ ᠦ᠋ᠨ ᠴᠢᠨᠠᠷ ᠦᠭᠡᠢ ᠳ᠋ᠦ᠍ ᠬᠥᠲᠥᠯᠬᠦ ᠦᠭᠡᠢ ᠶ᠋ᠢᠨ ᠡᠭᠦᠳᠡ
ᠲᠡᠩᠴᠡᠯ ᠦᠭᠡᠢ ᠰᠢᠲᠦᠯᠴᠡᠨ ᠭᠠᠷᠬᠤ ᠶᠣᠰᠣ ᠶ᠋ᠢ
ᠡᠯ᠎ᠡ ᠨᠡᠷ᠎ᠡ ᠲᠡᠳᠦᠢ ᠪᠡᠷ ᠥᠪᠡᠷ ᠦ᠋ᠨ ᠴᠢᠨᠠᠷ ᠲᠤ᠌
ᠡᠨᠳᠡᠭᠦᠷᠡᠨ ᠪᠠᠷᠢᠳᠠᠭ ᠲᠥᠷᠥᠯᠬᠢᠲᠡᠨ ᠲᠡᠳᠡᠨ ᠢ᠋

ᠬᠤᠲᠤᠭᠲᠤ ᠳᠡᠭᠡᠳᠦᠰ ᠦ᠋ᠨ ᠰᠠᠢᠲᠤᠷ ᠵᠣᠷᠴᠢᠳᠠᠭ
ᠬᠣᠣᠰ ᠦᠭᠡᠢ ᠳᠡᠭᠡᠳᠦ ᠶ᠋ᠢᠨ ᠣᠷᠣᠬᠤ ᠣᠯᠣᠮ
ᠠᠪᠤᠷᠠᠯᠲᠤ ᠲᠠᠨ ᠢ᠋ ᠪᠠᠶᠠᠰᠤᠭᠤᠯᠬᠤ ᠮᠥᠷ ᠲᠡᠭᠦᠨ ᠳ᠋ᠦ᠍
ᠠᠷᠭ᠎ᠠ ᠶᠠᠭᠤ ᠪᠠᠷ ᠬᠥᠲᠥᠯᠦᠨ ᠦᠢᠯᠡᠳᠬᠦ ᠪᠣᠢ?

ᠵᠠᠪᠰᠠᠷ ᠦᠭᠡᠢ ᠪᠠ ᠬᠠᠷᠠᠭᠠᠯᠵᠠᠳᠠᠭ ᠦᠭᠡᠢ ᠥᠪᠡᠷ ᠦ᠋ᠨ ᠴᠢᠨᠠᠷ
ᠵᠠᠪᠰᠠᠷ ᠲᠠᠢ ᠪᠥᠭᠡᠳ ᠬᠠᠷᠠᠭᠠᠯᠵᠠᠳᠠᠭ ᠰᠢᠲᠦᠨ ᠪᠠᠷᠢᠯᠳᠤᠯᠭ᠎ᠠ ᠬᠣᠶᠠᠷ
ᠬᠠᠮᠲᠤ ᠨᠢᠭᠡᠨ ᠰᠠᠭᠤᠷᠢᠨ ᠳᠡᠭᠡᠷ᠎ᠡ
ᠬᠠᠷᠰᠢᠯᠠᠯ ᠦᠭᠡᠢ ᠶᠠᠭᠠᠬᠢᠨ ᠬᠤᠷᠠᠵᠤ ᠪᠣᠯᠬᠤ ᠪᠣᠢ

ᠡᠢᠮᠦ ᠶ᠋ᠢᠨ ᠤᠴᠢᠷ ᠰᠢᠳᠦᠨ ᠪᠠᠷᠢᠯᠳᠤᠭᠰᠠᠨ ᠶᠠᠭᠤᠮᠠᠰ
ᠥᠪᠡᠷ ᠦ᠋ᠨ ᠴᠢᠨᠠᠷ ᠡᠴᠡ ᠤᠭ ᠢᠵᠠᠭᠤᠷ ᠢ᠋ᠶ᠋ᠠᠷ
ᠢᠮᠠᠭᠲᠠ ᠮᠠᠰᠢᠳᠠ ᠠᠭᠯᠠᠭ ᠮᠡᠲᠦ ᠦᠵᠡᠭᠳᠡᠳᠡᠭ ᠲᠤᠯᠠ
ᠶᠠᠭᠤᠮᠠᠰ ᠦᠵᠡᠭᠳᠡᠯ ᠡᠳᠡᠭᠡᠷ ᠢ᠋ ᠶᠧᠯᠸᠢ ᠭᠡᠮᠡᠨ ᠨᠣᠮᠯᠠᠪᠠ

ᠡᠭᠡᠯ ᠦᠭᠡᠢ ᠲᠠᠨ ᠤ᠋ ᠶᠠᠮᠠᠷ ᠮᠡᠲᠦ ᠠᠢᠯᠠᠳᠤᠭᠰᠠᠨ ᠳ᠋ᠤ᠌
ᠡᠰᠡᠷᠭᠦᠴᠡᠭᠴᠢ ᠬᠡᠨ ᠨᠢᠭᠡᠨ ᠨᠣᠮ ᠯᠤᠭ᠎ᠠ ᠵᠣᠬᠢᠯᠳᠤᠭᠰᠠᠨ
ᠪᠤᠷᠤᠭᠤᠳᠬᠠᠬᠤ ᠴᠢᠯᠥᠭᠡ ᠶ᠋ᠢ ᠦᠯᠦ ᠣᠯᠤᠨ᠎ᠠ ᠭᠡᠮᠡᠨ ᠨᠣᠮᠯᠠᠭᠰᠠᠨ ᠢ᠋
ᠪᠠᠰᠠ ᠡᠨᠡ ᠢᠮᠠᠭᠲᠠ ᠪᠠᠷ ᠯᠠ ᠰᠠᠢᠲᠤᠷ ᠮᠡᠳᠡᠮᠦᠢ ᠊ᠶ᠎ᠡ᠃

ᠶᠠᠭᠠᠬᠢᠭᠠᠳ ᠭᠡᠪᠡᠯ ᠡᠭᠦᠨ ᠢ᠋ ᠨᠣᠮᠯᠠᠭᠰᠠᠨ ᠢ᠋ᠶ᠋ᠠᠷ
ᠶᠠᠮᠠᠷᠪᠠ ᠦᠵᠡᠭᠳᠡᠬᠦ᠂ ᠡᠰᠡ ᠦᠵᠡᠭᠳᠡᠬᠦ ᠶᠠᠭᠤᠮᠠᠰ ᠲᠤ᠌
ᠦᠭᠡᠢᠰᠬᠡᠬᠦ ᠬᠢᠭᠡᠳ ᠬᠡᠲᠦᠷᠡᠭᠦᠯᠬᠦ ᠶ᠋ᠢᠨ
ᠦᠶᠡᠰ ᠢ᠋ ᠬᠣᠯᠠᠳᠬᠠᠨ ᠵᠣᠬᠢᠶᠠᠭᠰᠠᠨ ᠤ᠋ ᠲᠤᠯᠠ ᠪᠣᠯᠠᠢ

ᠵᠢᠱ᠌ᠢᠰᠢ ᠦᠭᠡᠢ ᠮᠡᠷᠭᠡᠨ ᠥᠭᠦᠯᠡᠭᠴᠢ ᠪᠣᠯᠬᠤ ᠶ᠋ᠢ ᠲᠠᠨᠢ
ᠵᠢᠱ᠌ᠢᠶᠡᠯᠡᠨ ᠮᠡᠳᠡᠬᠦ ᠶ᠋ᠢᠨ ᠨᠤᠲᠠᠯᠠᠭ᠎ᠠ ᠪᠣᠯᠤᠭᠰᠠᠨ
ᠰᠢᠲᠦᠨ ᠪᠠᠷᠢᠯᠳᠤᠯᠭ᠎ᠠ ᠶ᠋ᠢᠨ ᠮᠥᠷ ᠢ᠋ᠶ᠋ᠡᠷ ᠪᠤᠰᠤᠳ ᠵᠠᠷᠯᠢᠭ ᠢ᠋ ᠲᠠᠨᠢ
ᠰᠢᠯᠭᠠᠷᠠᠭᠰᠠᠨ ᠦᠨᠡᠨ ᠳ᠋ᠦ᠍ ᠪᠠᠷᠢᠬᠤ ᠮᠠᠭᠠᠳᠯᠠᠯ ᠢ᠋ ᠣᠯᠤᠮᠤᠢ

ᠪᠢᠰᠢᠷᠡᠯᠲᠦ ᠲᠠᠨ ᠤ᠋ ᠱᠠᠰᠢᠨ ᠡᠴᠡ ᠭᠠᠳᠠᠭᠰᠢ ᠵᠦᠭᠯᠡᠪᠡᠰᠦ
ᠪᠡᠷᠬᠡᠰᠢᠶᠡᠯ ᠠᠯᠵᠢᠶᠠᠯ ᠢ᠋ ᠥᠨᠢ ᠤᠳᠠᠭᠠᠨ ᠰᠢᠲᠦᠭᠰᠡᠨ ᠴᠦ᠍
ᠬᠠᠷᠢᠨ ᠵᠢᠴᠢ ᠭᠡᠮ ᠦ᠋ᠳ ᠢ᠋ ᠳᠠᠭᠤᠳᠠᠭᠰᠠᠨ ᠮᠡᠲᠦ
ᠬᠠᠷᠠᠯᠭᠠᠨ《ᠪᠢ》 ᠳ᠋ᠦ᠍ ᠪᠠᠷᠢᠬᠤ ᠦᠵᠡᠯ ᠪᠠᠲᠤᠳᠮᠤᠢ

ᠠᠶ᠎ᠠ᠂ ᠮᠡᠷᠭᠡᠳ ᠢ᠋ᠶ᠋ᠡᠷ ᠡᠨᠡ ᠬᠣᠶᠠᠷ ᠤ᠋ᠨ
ᠠᠰᠤᠷᠤ ᠢᠯᠭᠠᠮᠵᠢᠶ᠎ᠠ ᠶ᠋ᠢ ᠲᠠᠨᠢᠨ ᠪᠠᠷᠢᠪᠠᠰᠤ ᠯᠠ
ᠭᠱᠠᠨ ᠲᠡᠭᠦᠨ᠎ᠡ ᠦᠨᠡᠨ ᠵᠢᠷᠦᠬᠡᠨ ᠦ᠌ ᠤᠭ ᠡᠴᠡ
ᠠᠪᠤᠷᠠᠯᠲᠤ ᠲᠠᠨ ᠳ᠋ᠤ᠌ ᠶᠠᠭᠠᠬᠢᠨ ᠪᠢᠰᠢᠷᠡᠬᠦ ᠦᠭᠡᠢ ᠪᠢᠯᠡ

ᠵᠦᠢᠷᠯᠡᠰᠢ ᠦᠭᠡᠢ ᠲᠠᠨ ᠤ᠋ ᠣᠯᠠᠨ ᠵᠠᠷᠯᠢᠭ ᠢ᠋ ᠬᠡᠯᠡᠬᠦ ᠶᠠᠭᠤᠨ
ᠵᠦᠢᠯ ᠨᠢᠵᠡᠭᠡᠳ ᠦ᠋ᠨ ᠬᠤᠪᠢ ᠤᠳᠬ᠎ᠠ ᠳ᠋ᠤ᠌ ᠴᠤ᠌
ᠪᠠᠷᠤᠭᠴᠠᠭ᠎ᠠ ᠲᠡᠳᠦᠢ ᠣᠢᠯᠠᠭᠠᠴᠠ ᠠᠪᠤᠪᠠᠰᠤ
ᠪᠠᠷᠠᠭᠳᠠᠰᠢ ᠦᠭᠡᠢ ᠳᠡᠭᠡᠳᠦ ᠶ᠋ᠢᠨ ᠠᠮᠤᠭᠤᠯᠠᠩ ᠢ᠋ ᠥᠭᠭᠦᠮᠦᠢ

ᠠᠢ ᠬᠦ᠂ ᠮᠢᠨᠦ ᠣᠶᠤᠨ ᠮᠤᠩᠬᠠᠭ ᠲᠤ᠌ ᠠᠪᠲᠠᠵᠠᠢ
ᠠᠭᠤᠤ ᠡᠷᠳᠡᠮ ᠦ᠋ᠨ ᠴᠣᠭᠴᠠ ᠡᠨᠡ ᠮᠡᠲᠦ ᠶ᠋ᠢ
ᠠᠯᠢ ᠡᠷᠲᠡᠨ ᠡᠴᠡ ᠠᠪᠤᠷᠠᠯ ᠳ᠋ᠤ᠌ ᠪᠠᠷᠢᠭᠰᠠᠨ ᠴᠤ᠌
ᠠᠴᠢᠲᠤ ᠡᠷᠳᠡᠮ ᠦ᠋ᠨ ᠲᠠᠨᠢ ᠬᠤᠪᠢ ᠲᠡᠳᠦᠢ ᠶ᠋ᠢ ᠦᠯᠦ ᠮᠡᠳᠡᠵᠡᠢ

ᠭᠡᠪᠡᠴᠦ ᠦᠬᠦᠯ ᠦ᠋ᠨ ᠡᠵᠡᠨ ᠦ᠌ ᠠᠮᠠ ᠤᠷᠤᠭᠤ ᠵᠦᠭᠯᠡᠭᠰᠡᠨ
ᠠᠮᠢᠨ ᠰᠤᠳᠠᠯ ᠮᠢᠨᠢ ᠲᠠᠰᠤᠷᠠᠭ᠎ᠠ ᠦᠭᠡᠢ ᠪᠥᠭᠡᠳ
ᠠᠪᠤᠷᠠᠯᠲᠤ ᠲᠠᠨ ᠳ᠋ᠤ᠌ ᠥᠴᠦᠬᠡᠨ ᠢᠲᠡᠭᠡᠭᠰᠡᠨ ᠢ᠋ᠶ᠋ᠡᠨ
ᠠᠶ᠎ᠠ᠂ ᠰᠠᠢᠨ ᠬᠤᠪᠢ ᠭᠡᠮᠡᠨ ᠪᠠᠬᠠᠷᠬᠠᠮᠤᠢ

ᠪᠠᠭᠰᠢ ᠶ᠋ᠢᠨ ᠳᠣᠲᠣᠷ᠎ᠠ ᠡᠴᠡ ᠰᠢᠳᠦᠨ ᠪᠠᠷᠢᠯᠳᠤᠯᠭ᠎ᠠ ᠶ᠋ᠢ ᠵᠢᠭᠠᠭᠴᠢ
ᠪᠢᠯᠢᠭᠦᠨ ᠦ᠌ ᠳᠣᠲᠣᠷ᠎ᠠ ᠡᠴᠡ ᠰᠢᠳᠦᠨ ᠪᠠᠷᠢᠯᠳᠤᠯᠭ᠎ᠠ ᠶ᠋ᠢ ᠮᠡᠳᠡᠭᠴᠢ ᠬᠣᠶᠠᠷ
ᠬᠠᠮᠤᠭ ᠶᠢᠷᠲᠢᠨᠴᠦ ᠳ᠋ᠦ᠍ ᠢᠯᠭᠠᠭᠤᠯᠤᠭᠰᠠᠨ ᠤ᠋ ᠡᠷᠬᠡᠲᠦ ᠠᠳᠠᠯᠢ
ᠬᠡᠲᠦᠷᠬᠡᠢ ᠰᠠᠢᠨ ᠢ᠋ ᠲᠠ ᠯᠠ ᠠᠢᠯᠠᠳᠤᠨ᠎ᠠ᠂ ᠪᠤᠰᠤᠳ ᠨᠢ ᠦᠭᠡᠢ

ᠭᠠᠢᠬᠠᠮᠰᠢᠭᠲᠤ ᠲᠠᠨ ᠤ᠋ ᠵᠠᠷᠯᠢᠭᠯᠠᠭᠰᠠᠨ ᠪᠦᠭᠦᠳᠡ
ᠭᠠᠭᠴᠠ ᠰᠢᠲᠦᠨ ᠪᠠᠷᠢᠯᠳᠤᠯᠭ᠎ᠠ ᠡᠴᠡ ᠲᠤᠭᠤᠷᠪᠢᠨ ᠣᠷᠣᠨ᠎ᠠ
ᠲᠡᠷᠡ ᠨᠢ ᠴᠦ᠍ ᠭᠠᠰᠠᠯᠠᠩ ᠡᠴᠡ ᠨᠥᠬᠥᠴᠡᠬᠦ ᠶ᠋ᠢᠨ ᠲᠤᠯᠠᠳᠠ ᠪᠥᠭᠡᠳ
ᠲᠡᠢᠨ ᠠᠮᠢᠷᠠᠯᠠᠬᠤ ᠡᠴᠡ ᠪᠤᠰᠤᠳ ᠵᠣᠬᠢᠶᠠᠯ ᠲᠠᠨ ᠳ᠋ᠤ᠌ ᠦᠭᠡᠢ

ᠠᠶ᠎ᠠ᠂ ᠲᠠᠨ ᠤ᠋ ᠠᠪᠤᠷᠠᠯᠲᠤ ᠱᠠᠰᠢᠨ
ᠠᠯᠢᠨ ᠨᠢᠭᠡᠨ ᠦ᠌ ᠴᠢᠬᠢᠨ ᠳ᠋ᠦ᠍ ᠳᠠᠭᠤᠷᠢᠰᠪᠠᠰᠤ
ᠲᠡᠳᠡᠭᠡᠷ ᠪᠦᠭᠦᠳᠡ ᠠᠮᠢᠷᠠᠯᠠᠬᠤ ᠲᠤᠯᠠ
ᠲᠠᠨ ᠤ᠋ ᠱᠠᠰᠢᠨ ᠢ᠋ ᠪᠠᠷᠢᠬᠤ ᠳ᠋ᠤ᠌ ᠬᠡᠨ ᠢ᠋ᠶ᠋ᠡᠷ ᠦᠯᠦ ᠪᠢᠰᠢᠷᠡᠬᠦ ᠪᠣᠢ᠃

ᠴᠢᠨᠠᠳᠤ ᠡᠰᠡᠷᠭᠦᠴᠡᠭᠴᠢ ᠪᠦᠭᠦᠳᠡ ᠶ᠋ᠢ ᠳᠠᠷᠤᠭᠰᠠᠨ᠂
ᠴᠢᠨᠠᠭᠰᠢ ᠢᠨᠠᠭᠰᠢ ᠡᠬᠢ ᠠᠳᠠᠭ ᠨᠢ ᠬᠤᠳᠬᠤᠯᠳᠤᠨ ᠬᠠᠷᠰᠢᠭ᠎ᠠ ᠦᠭᠡᠢ᠂
ᠪᠦᠬᠦᠢ ᠯᠡ ᠲᠥᠷᠥᠯᠬᠢᠲᠡᠨ ᠦ᠌ ᠬᠣᠶᠠᠷ ᠲᠤᠰᠠ ᠶ᠋ᠢ ᠬᠠᠢᠷᠠᠯᠠᠭᠴᠢ
ᠪᠢᠰᠢᠷᠡᠮ᠎ᠡ ᠶᠣᠰᠣ ᠡᠭᠦᠨ ᠳ᠋ᠦ᠍ ᠮᠢᠨᠦ ᠳᠤᠷᠠᠰᠢᠯ ᠠᠷᠪᠢᠳᠤᠮᠤᠢ

ᠡᠩᠨᠡᠰᠢ ᠦᠭᠡᠢ ᠣᠯᠠᠨ ᠭᠠᠯᠪᠠ ᠪᠠᠷ
ᠡᠢᠮᠦ ᠶ᠋ᠢᠨ ᠲᠤᠯᠠᠳᠠ ᠡᠨᠡᠷᠢᠯᠲᠦ ᠲᠠ ᠪᠠᠷ
ᠡᠩᠬᠦᠷᠡᠢ ᠰᠠᠳᠤᠨ᠂ ᠡᠳ᠋ ᠲᠠᠸᠠᠷ ᠤ᠋ᠨ ᠴᠢᠭᠤᠯᠭᠠᠨ᠎ᠠ
ᠡᠷᠭᠢᠯᠲᠡ ᠪᠤᠴᠠᠯᠲᠠ ᠦᠭᠡᠢ ᠠᠬᠢᠨ ᠳᠠᠬᠢᠨ ᠵᠣᠷᠢᠭᠤᠯᠤᠭᠰᠠᠨ

ᠭᠠᠢᠬᠠᠮᠰᠢᠭᠲᠤ ᠡᠷᠳᠡᠮ ᠢ᠋ ᠲᠠᠨᠢ ᠮᠡᠳᠡᠭᠰᠡᠨ ᠢ᠋ᠶ᠋ᠡᠷ
ᠭᠣᠬ᠎ᠠ ᠲᠡᠭᠡᠭᠡᠨ ᠳ᠋ᠦ᠍ ᠲᠠᠲᠠᠭᠳᠠᠭᠰᠠᠨ ᠵᠢᠭᠠᠰᠤ ᠠᠳᠠᠯᠢ
ᠲᠠᠭᠠᠯᠠᠯ ᠢ᠋ ᠲᠠᠨᠢ ᠪᠤᠯᠢᠶᠠᠭᠰᠠᠨ ᠨᠣᠮ ᠡᠭᠦᠨ ᠢ᠋
ᠲᠠᠨ ᠡᠴᠡ ᠡᠰᠡ ᠰᠣᠨᠣᠰᠤᠭᠰᠠᠨ ᠲᠤᠯᠠ ᠬᠤᠪᠢ ᠳᠤᠲᠠᠭᠤ ᠠᠵᠠᠢ

ᠡᠨᠳᠡ ᠡᠨᠡᠯᠦᠨ ᠭᠠᠰᠠᠯᠤᠭᠰᠠᠨ ᠤ᠋ ᠬᠦᠴᠦ ᠪᠡᠷ
ᠡᠩᠬᠦᠷᠡᠢ ᠬᠦᠦ ᠳ᠋ᠡᠭᠡᠨ ᠡᠬᠡ ᠶ᠋ᠢᠨ ᠰᠡᠳᠬᠢᠯ
ᠦᠷᠭᠦᠯᠵᠢ ᠵᠣᠪᠠᠨᠢᠬᠤ ᠶ᠋ᠢᠨ ᠨᠢᠭᠡᠨ ᠠᠳᠠᠯᠢ
ᠡᠭᠡᠷᠡᠵᠦ ᠮᠢᠨᠦ ᠰᠡᠳᠬᠢᠯ ᠢ᠋ ᠪᠤᠤ ᠣᠷᠭᠢ

ᠪᠠᠰᠠ ᠲᠠᠨ ᠤ᠋ ᠵᠠᠷᠯᠢᠭ ᠢ᠋ ᠰᠠᠨᠠᠪᠠᠰᠤ
ᠪᠢᠯᠢᠭ ᠨᠠᠢᠷᠠᠭ ᠤ᠋ᠨ ᠴᠣᠭ ᠪᠠᠳᠠᠷᠠᠭᠰᠠᠨ
ᠠᠷᠢᠭᠤᠨ ᠭᠡᠷᠡᠯ ᠦ᠋ᠨ ᠲᠣᠣᠷ ᠢ᠋ᠶ᠋ᠠᠷ ᠳᠦᠭᠦᠷᠡᠩ ᠬᠦᠷᠢᠶᠡᠯᠡᠭᠳᠡᠭᠰᠡᠨ
ᠠᠪᠤᠷᠠᠯᠲᠤ ᠪᠠᠭᠰᠢ ᠪᠠᠷ ᠡᠰᠡᠷᠸ᠎ᠠ ᠶ᠋ᠢᠨ ᠡᠭᠡᠰᠢᠭ ᠢ᠋ᠶ᠋ᠡᠷ

ᠡᠭᠦᠨ ᠢ᠋ ᠡᠨᠡ ᠮᠡᠲᠦ ᠨᠣᠮᠯᠠᠨ᠎ᠠ ᠭᠡᠮᠡᠨ
ᠦᠨᠡᠨ ᠴᠢᠳᠠᠭᠴᠢ ᠶ᠋ᠢᠨ ᠳᠦᠷᠢ ᠬᠥᠷᠥᠭ ᠰᠡᠳᠬᠢᠯ ᠳ᠋ᠦ᠍
ᠢᠯᠡᠷᠡᠨ ᠣᠷᠭᠣᠮᠠᠭᠴᠠ ᠬᠠᠯᠠᠭᠤᠨ ᠡᠨᠡᠯᠭᠡ
ᠡᠭᠡᠯᠢᠲᠦ ᠰᠠᠷᠠᠨ ᠤ᠋ ᠭᠡᠷᠡᠯ ᠳ᠋ᠦ᠍ ᠰᠡᠷᠢᠭᠦᠴᠡᠬᠦ ᠮᠡᠲᠦ ᠲᠤᠰᠠᠲᠠᠢ
ᠲᠡᠷᠡ ᠠᠳᠠᠯᠢ ᠶ᠋ᠢᠨ ᠬᠡᠲᠦᠷᠬᠡᠢ ᠭᠠᠢᠬᠠᠮᠰᠢᠭᠲᠤ
ᠲᠡᠷᠢᠭᠦᠨ ᠶᠣᠰᠣ ᠲᠡᠭᠦᠨ ᠢ᠋ ᠮᠡᠷᠭᠡᠨ ᠪᠤᠰᠤ
ᠦᠳᠡᠯᠡ ᠠᠷᠠᠳ ᠤ᠋ᠳ ᠭᠢᠯᠭᠠᠨ᠎ᠠ ᠡᠪᠡᠰᠦ ᠮᠡᠲᠦ
ᠦᠢ ᠵᠠᠢ ᠦᠭᠡᠢ ᠰᠢᠷᠢᠯᠳᠦᠭᠦᠯᠵᠦ ᠦᠢᠯᠡᠳᠴᠡᠢ

ᠪᠠᠢᠳᠠᠯ ᠡᠭᠦᠨ ᠢ᠋ ᠪᠢ ᠪᠡᠷ ᠦᠵᠡᠭᠡᠳ
ᠪᠤᠴᠠᠯᠲᠠ ᠦᠭᠡᠢ ᠬᠢᠴᠢᠶᠡᠯ ᠣᠯᠠᠨ ᠮᠡᠷᠭᠡᠳ ᠢ᠋
ᠳᠠᠭᠠᠨ ᠪᠠᠷᠠᠭᠠᠳᠠᠭᠠᠳ ᠢᠲᠡᠭᠡᠯᠲᠦ ᠲᠠᠨ ᠤ᠋
ᠳᠠᠷᠬᠠᠨ ᠲᠠᠭᠠᠯᠠᠯ ᠢ᠋ ᠳᠠᠬᠢᠨ ᠳᠠᠬᠢᠨ ᠬᠠᠢᠪᠠ

ᠪᠠᠰᠠ ᠲᠡᠷᠡ ᠴᠠᠭ ᠲᠤ᠌ ᠥᠭᠡᠷ᠎ᠡ ᠪᠤᠰᠤᠳ ᠠᠢᠮᠠᠭ ᠤ᠋ᠨ
ᠪᠠᠷᠠᠭᠳᠠᠰᠢ ᠦᠭᠡᠢ ᠣᠯᠠᠨ ᠨᠣᠮ ᠢ᠋ ᠰᠤᠳᠤᠯᠬᠤ ᠳ᠋ᠤ᠌
ᠬᠠᠷᠢᠨ ᠵᠢᠴᠢ ᠰᠡᠵᠢᠭ ᠦ᠋ᠨ ᠲᠣᠣᠷ ᠢ᠋ᠶ᠋ᠠᠷ
ᠬᠠᠮᠤᠭ ᠡᠴᠡ ᠮᠢᠨᠦ ᠰᠡᠳᠬᠢᠯ ᠮᠠᠰᠢᠳᠠ ᠡᠨᠡᠯᠪᠡ

ᠪᠤᠷᠬᠠᠨ ᠲᠠᠨ ᠤ᠋ ᠬᠠᠨᠢᠴᠠᠰᠢ ᠦᠭᠡᠢ ᠬᠥᠯᠭᠡᠨ ᠦ᠌ ᠶᠣᠰᠣ ᠶ᠋ᠢ
ᠪᠣᠢ ᠬᠢᠭᠡᠳ ᠦᠭᠡᠢ ᠶ᠋ᠢᠨ ᠬᠢᠵᠠᠭᠠᠷ ᠲᠤ᠌ ᠲᠡᠪᠴᠢᠨ
ᠪᠤᠷᠤᠭᠤ ᠦᠭᠡᠢ ᠲᠠᠨ ᠤ᠋ ᠲᠠᠢᠯᠪᠤᠷᠢᠯᠠᠬᠤ ᠳ᠋ᠤ᠌ ᠡᠰᠢ ᠣᠯᠤᠭᠰᠠᠨ
ᠪᠣᠭᠳᠠ ᠨᠠᠭᠠᠷᠵᠤᠨ᠎ᠡ ᠶ᠋ᠢᠨ ᠭᠣᠣᠯ ᠶᠣᠰᠣᠨ ᠤ᠋ ᠭᠦᠮᠦᠳᠠ ᠴᠡᠴᠡᠷᠯᠢᠭ ᠨᠢ

ᠭᠬᠢᠷ ᠦᠭᠡᠢ ᠠᠢᠯᠠᠳᠤᠯ ᠤ᠋ᠨ ᠬᠣᠲᠠ ᠮᠠᠨᠳᠠᠯ ᠳᠡᠯᠭᠡᠷᠡᠭᠰᠡᠨ
ᠬᠣᠣᠰ ᠦᠭᠡᠢ ᠵᠠᠷᠯᠢᠭ ᠤ᠋ᠨ ᠣᠭᠲᠠᠷᠭᠤᠢ ᠳ᠋ᠤ᠌ ᠲᠣᠷᠤᠯᠲᠠ ᠦᠭᠡᠢ ᠶᠠᠪᠤᠭᠴᠢ
ᠡᠴᠦᠰᠯᠡᠨ ᠪᠠᠷᠢᠬᠤ ᠶ᠋ᠢᠨ ᠵᠢᠷᠦᠬᠡᠨ ᠦ᠌ ᠬᠠᠷᠠᠩᠭᠤᠢ ᠶ᠋ᠢ ᠠᠷᠢᠯᠭᠠᠭᠴᠢ
ᠡᠨᠳᠡᠭᠦᠷᠡᠯ ᠦᠭᠡᠢ ᠥᠭᠦᠯᠡᠭᠴᠢᠳ ᠦ᠋ᠨ ᠣᠳᠣ ᠭᠠᠷᠠᠭ ᠢ᠋ ᠰᠦᠷ ᠢ᠋ᠶ᠋ᠡᠷ ᠳᠠᠷᠤᠭᠴᠢ

ᠴᠣᠭᠲᠤ ᠴᠠᠨᠳᠠᠷᠠᠺᠢᠷᠲ᠋ᠢ ᠶ᠋ᠢᠨ ᠰᠠᠢᠨ ᠨᠣᠮᠯᠠᠯ ᠤ᠋ᠨ
ᠴᠠᠭᠠᠨ ᠭᠡᠷᠡᠯ ᠢ᠋ᠶ᠋ᠡᠷ ᠲᠣᠳᠣᠷᠠᠨ ᠦᠢᠯᠡᠳᠦᠭᠰᠡᠨ ᠢ᠋
ᠠᠪᠤᠷᠠᠯᠲᠤ ᠪᠠᠭᠰᠢ ᠶ᠋ᠢᠨ ᠠᠴᠢ ᠪᠠᠷ ᠮᠡᠳᠡᠭᠰᠡᠨ ᠲᠡᠷᠡ ᠴᠠᠭ ᠲᠤ᠌
ᠠᠶ᠎ᠠ᠂ ᠮᠢᠨᠦ ᠰᠡᠳᠬᠢᠯ ᠠᠮᠢᠷᠠᠯᠠᠯ ᠢ᠋ ᠣᠯᠪᠠ ᠠ᠋᠃

ᠦᠢᠯᠡᠰ ᠵᠣᠬᠢᠶᠠᠯ ᠪᠦᠭᠦᠳᠡ ᠶ᠋ᠢᠨ ᠳᠤᠮᠳᠠ ᠡᠴᠡ
ᠦᠨᠡᠬᠡᠷ ᠵᠠᠷᠯᠢᠭ ᠤ᠋ᠨ ᠵᠣᠬᠢᠶᠠᠯ ᠳᠡᠭᠡᠳᠦ ᠪᠥᠭᠡᠳ
ᠦᠯᠡᠮᠵᠢ ᠲᠡᠷᠡ ᠨᠢ ᠡᠨᠡ ᠢᠮᠠᠭᠲᠠ ᠮᠥᠨ ᠦ᠌ ᠲᠤᠯᠠ
ᠡᠭᠦᠪᠡᠷ ᠮᠡᠷᠭᠡᠳ ᠪᠤᠷᠬᠠᠨ ᠢ᠋ ᠳᠤᠷᠠᠳᠤᠨ ᠳᠠᠭᠠᠲᠤᠭᠠᠢ

ᠡᠩᠨᠡᠰᠢ ᠦᠭᠡᠢ ᠪᠠᠭᠰᠢ ᠲᠡᠭᠦᠨ ᠢ᠋ ᠴᠦ᠍
 ᠳ᠋ᠡᠭᠡᠨ ᠬᠤᠸᠠᠷᠠᠭ ᠪᠣᠯᠤᠭᠠᠳ
ᠡᠷᠬᠢᠮ ᠪᠤᠷᠬᠠᠨ ᠤ᠋ ᠵᠠᠷᠯᠢᠭ ᠢ᠋ ᠰᠠᠢᠲᠤᠷ ᠰᠤᠳᠤᠯᠤᠭᠰᠠᠨ
ᠢᠷᠮᠡᠭᠦᠨ ᠶᠣᠭ᠎ᠠ ᠶ᠋ᠢᠨ ᠶᠠᠪᠤᠳᠠᠯ ᠬᠢᠴᠢᠶᠡᠭᠴᠢ ᠨᠢᠭᠡᠨ ᠭᠡᠯᠦᠩ
ᠶᠡᠬᠡ ᠠᠷᠰᠢ ᠲᠡᠭᠦᠨ᠎ᠡ ᠡᠢᠨᠬᠦ ᠪᠢᠰᠢᠷᠡᠪᠡ᠃

ᠵᠦᠢᠷᠯᠡᠰᠢ ᠦᠭᠡᠢ ᠦᠵᠡᠭᠦᠯᠦᠭᠴᠢ ᠶ᠋ᠢᠨ ᠱᠠᠰᠢᠨ ᠯᠤᠭ᠎ᠠ
ᠵᠣᠯ ᠢ᠋ᠶ᠋ᠠᠷ ᠤᠴᠠᠷᠠᠭᠰᠠᠨ ᠡᠨᠡ ᠨᠢ ᠪᠠᠭᠰᠢ ᠶ᠋ᠢᠨ ᠠᠴᠢ ᠮᠥᠨ ᠲᠤᠯᠠ
ᠠᠷᠢᠭᠤᠨ ᠪᠤᠶᠠᠨ ᠡᠭᠦᠨ ᠢ᠋ ᠠᠮᠢᠲᠠᠨ ᠪᠦᠭᠦᠳᠡ
ᠠᠴᠢ ᠶ᠋ᠢᠨ ᠪᠤᠶᠠᠨ ᠤ᠋ ᠰᠠᠳᠤᠨ ᠢ᠋ᠶ᠋ᠠᠷ ᠡᠵᠡᠯᠡᠭᠳᠡᠬᠦ ᠶ᠋ᠢᠨ ᠤᠭ ᠲᠤ᠌ ᠵᠣᠷᠢᠭᠤᠯᠤᠮᠤᠢ

ᠮᠠᠭᠠᠳ ᠲᠤᠰᠠᠯᠠᠭᠴᠢ ᠲᠠᠨ ᠤ᠋ ᠱᠠᠰᠢᠨ ᠴᠠᠭ ᠤ᠋ᠨ ᠡᠴᠦᠰ ᠲᠡᠭᠡᠨ
ᠮᠠᠭᠤ ᠠᠳᠬᠠᠭ ᠤ᠋ᠨ ᠰᠠᠯᠬᠢ ᠪᠠᠷ ᠦᠯᠦ ᠬᠥᠳᠡᠯᠦᠭᠡᠳ
ᠠᠷᠢᠭᠤᠨ ᠱᠠᠰᠢᠨ ᠤ᠋ ᠠᠪᠤᠷᠢ ᠶᠣᠰᠣ ᠶ᠋ᠢ ᠮᠡᠳᠡᠭᠡᠳ
ᠠᠪᠤᠷᠠᠯᠲᠤ ᠪᠤᠷᠬᠠᠨ ᠳ᠋ᠤ᠌ ᠢᠲᠡᠬᠡᠭᠴᠢᠳ ᠢ᠋ᠶ᠋ᠡᠷ ᠠᠰᠢᠳᠠ ᠳᠦᠭᠦᠷᠬᠦ ᠪᠣᠯᠲᠤᠭᠠᠢ

ᠰᠢᠲᠦᠨ ᠪᠠᠷᠢᠯᠳᠤᠯᠭ᠎ᠠ ᠶ᠋ᠢᠨ ᠤᠳᠬ᠎ᠠ ᠴᠢᠨᠠᠷ ᠢ᠋ ᠲᠣᠳᠣᠷᠠᠭᠤᠯᠤᠭᠰᠠᠨ
ᠴᠢᠳᠠᠭᠴᠢ ᠶ᠋ᠢᠨ ᠰᠠᠢᠨ ᠶᠣᠰᠣ ᠶ᠋ᠢ ᠲᠥᠷᠥᠯ ᠳᠣᠳᠣᠮ ᠳ᠋ᠤ᠌
ᠠᠮᠢ ᠬᠢᠭᠡᠳ ᠪᠡᠶ᠎ᠡ ᠪᠡᠨ ᠵᠣᠷᠢᠭᠤᠯᠤᠨ ᠪᠠᠷᠢᠬᠤ ᠳ᠋ᠠᠭᠠᠨ
ᠭᠱᠠᠨ ᠲᠡᠳᠦᠢ ᠦᠯᠦ ᠰᠤᠯᠠᠳᠬᠠᠬᠤ ᠪᠣᠯᠲᠤᠭᠠᠢ

ᠳᠡᠭᠡᠳᠦ ᠰᠠᠷᠲᠠᠸᠠᠬᠢ ᠲᠡᠷᠡᠪᠡᠷ ᠴᠠᠭᠯᠠᠰᠢ ᠦᠭᠡᠢ ᠪᠡᠷᠬᠡᠰᠢᠶᠡᠯ ᠢ᠋ᠶ᠋ᠡᠷ
ᠳᠠᠭᠠᠭᠠᠮᠠᠭᠠᠢ ᠰᠢᠮᠳᠠᠯ ᠢ᠋ᠶ᠋ᠠᠷ ᠵᠢᠷᠦᠬᠡᠨ ᠳ᠋ᠦ᠍ ᠪᠠᠷᠢᠵᠤ ᠪᠦᠲᠦᠭᠡᠭᠰᠡᠨ
ᠠᠯᠢᠨ ᠠᠷᠭ᠎ᠠ ᠪᠠᠷ ᠠᠷᠪᠢᠵᠢᠭᠤᠯᠬᠤ ᠪᠣᠢ ᠬᠡᠮᠡᠭᠰᠡᠨ ᠡᠭᠦᠨ ᠢ᠋
ᠠᠯᠭᠠᠰᠠᠯ ᠦᠭᠡᠢ ᠰᠢᠨᠵᠢᠯᠡᠯ ᠢ᠋ᠶ᠋ᠡᠷ ᠡᠳᠦᠷ ᠰᠥᠨᠢ ᠶ᠋ᠢ ᠨᠥᠭᠴᠢᠭᠡᠬᠦ ᠪᠣᠯᠲᠤᠭᠠᠢ

ᠦᠯᠡᠮᠵᠢ ᠠᠷᠢᠭᠤᠨ ᠰᠡᠳᠬᠢᠯ ᠢ᠋ᠶ᠋ᠡᠷ ᠲᠡᠷᠡ ᠶᠣᠰᠣᠨ ᠳ᠋ᠤ᠌ ᠬᠢᠴᠢᠶᠡᠬᠦ ᠳ᠋ᠦ᠍
ᠡᠰᠡᠷᠦᠨ ᠪᠠ ᠬᠤᠷᠮᠤᠰᠲᠠ ᠶᠢᠷᠲᠢᠨᠴᠦ ᠶ᠋ᠢ ᠲᠡᠳᠬᠦᠭᠴᠢᠳ᠂
ᠶᠡᠬᠡ ᠮᠠᡁᠠᠺᠠᠯᠠ ᠲᠡᠷᠢᠭᠦᠲᠡᠢ ᠰᠠᠬᠢᠭᠤᠯᠰᠤᠨ ᠨᠤᠭᠤᠳ ᠴᠤ᠌
ᠭᠱᠠᠨ ᠴᠤ᠌ ᠠᠯᠭᠠᠰᠠᠯ ᠦᠭᠡᠢ ᠦᠷᠭᠦᠯᠵᠢ ᠨᠥᠬᠥᠷᠯᠡᠬᠦ ᠪᠣᠯᠲᠤᠭᠠᠢ᠃

ᠢᠷᠡᠯᠲᠡ᠄ ᠴᠥᠪ ᠦ᠋ᠨ ᠴᠠᠭ ᠤ᠋ᠨ ᠥᠩᠭᠡ
ᠨᠠᠢᠷᠠᠭᠤᠯᠤᠭᠴᠢ᠄ ᠲᠤᠭᠠᠷ ᠵᠠᠢᠰᠠᠩ (ᠣᠳᠣ ᠴᠠᠭ ᠤ᠋ᠨ ᠮᠣᠩᠭᠣᠯ ᠬᠡᠯᠡᠨ ᠦ᠌ ᠰᠢᠨ᠎ᠡ ᠣᠷᠴᠢᠭᠤᠯᠭ᠎ᠠ ᠶ᠋ᠢ ᠺᠢᠷᠢᠯ ᠪᠢᠴᠢᠭ ᠡᠴᠡ ᠬᠤᠳᠤᠮ ᠪᠣᠯᠭᠠᠵᠤ ᠬᠥᠷᠪᠡᠭᠦᠯᠪᠡ)

ᠲᠣᠳᠣᠷᠬᠠᠢᠯᠠᠯᠲᠠ᠄ ᠳᠡᠭᠡᠷᠡᠬᠢ ᠭᠡᠭᠡᠨᠲᠠᠨ ᠳᠠᠯᠠᠢ ᠪᠣᠭᠳᠠ ᠶ᠋ᠢᠨ ᠠᠯᠪᠠᠨ ᠶᠣᠰᠣᠨ ᠤ᠋ ᠰᠦᠯᠵᠢᠶ᠎ᠡ ᠬᠠᠭᠤᠳᠠᠰᠤᠨ ᠡᠴᠡ ᠠᠪᠤᠪᠠ᠃ ᠮᠣᠩᠭᠣᠯᠴᠢᠯᠠᠭᠴᠢ ᠶ᠋ᠢᠨ ᠨᠡᠷ᠎ᠡ ᠪᠠᠢᠬᠤ ᠦᠭᠡᠢ ᠪᠠ ᠥᠭᠡᠷ᠎ᠡ ᠬᠤᠪᠢᠯᠪᠤᠷᠢ ᠨᠤᠭᠤᠳ ᠡᠴᠡ ᠨᠢᠭᠡ ᠱᠠᠳ ᠳᠤᠲᠠᠭᠤ ᠪᠠᠢᠭ᠎ᠠ ᠶ᠋ᠢᠨ ᠰᠢᠯᠲᠠᠭᠠᠨ ᠤᠴᠢᠷ ᠢ᠋ ᠲᠣᠳᠣᠷᠠᠭᠤᠯᠵᠤ ᠠᠮᠵᠢᠭ᠎ᠠ ᠦᠭᠡᠢ᠃

ᠦᠰᠦᠭ ᠠᠮᠢᠯᠠᠭᠤᠯᠤᠭᠴᠢ᠄ ᠲᠥᠮᠡᠨᠴᠡᠴᠡᠭ
ᠬᠢᠨᠠᠭᠴᠢ᠄ ᠮᠣᠩᠭᠤᠯᠵᠠᠶᠠᠭ᠎ᠠ