ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ-ᠮᠠᠰᠢ Намарын намартаа дурсаж яваарай-Маш
ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ
ᠦᠭᠡ ᠄ ᠰᠠᠷᠠᠭᠤᠯ
ᠠᠶ᠎ᠠ ᠄ ᠮᠠᠰᠢ
ᠳᠠᠭᠤᠴᠢᠨ ᠄ ᠮᠠᠰᠢ
ᠨᠢᠯᠪᠤᠰᠤ ᠪᠠᠨ ᠵᠠᠯᠭᠢᠨ ᠴᠢᠮ᠎ᠠ ᠶ᠋ᠢ ᠪᠡᠨ ᠦᠳᠡᠬᠦ ᠳ᠋ᠦ᠍
ᠨᠠᠪᠴᠢᠨ ᠤ᠋ ᠰᠢᠭᠦᠳᠡᠷᠢ ᠪᠥᠮᠪᠥᠷᠢᠵᠦ ᠪᠠᠢᠯ᠎ᠠ
ᠨᠢᠭᠤᠴᠠᠬᠠᠨ ᠬᠠᠢᠷ᠎ᠠ ᠶ᠋ᠢᠨ ᠰᠢᠪᠡᠨᠡᠭᠡ ᠳᠠᠭᠠᠭᠠᠳ
ᠨᠠᠮᠤᠷ ᠤ᠋ᠨ ᠪᠦᠷᠦᠢ ᠪᠠᠭᠤᠬᠤ ᠰᠢᠭ᠋ ᠪᠣᠯᠤᠯ᠎ᠠ
ᠨᠠᠮᠤᠷ ᠤ᠋ᠨ ᠨᠠᠮᠤᠷ ᠲᠤ᠌ ᠦᠭᠡᠢ ᠠᠩᠭᠢᠷᠬᠠᠨ ᠡᠳᠦᠷ ᠦ᠋ᠳ ᠢ᠋ᠶ᠋ᠡᠨ
ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ
ᠨᠠᠮᠤᠷ ᠤ᠋ᠨ ᠨᠠᠮᠤᠷ ᠲᠤ᠌ ᠦᠭᠡᠢ ᠠᠩᠭᠢᠷᠬᠠᠨ ᠡᠳᠦᠷ ᠦ᠋ᠳ ᠢ᠋ᠶ᠋ᠡᠨ
ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ
ᠪᠣᠭᠳᠠ ᠶ᠋ᠢᠨ ᠭᠣᠣᠯ ᠤ᠋ᠨ ᠠᠩᠭᠢᠷ ᠭᠠᠯᠠᠭᠤ
ᠪᠤᠴᠠᠭᠠᠳ ᠶᠠᠪᠤᠭᠰᠠᠨ ᠴᠤ᠌ ᠢᠷᠡᠳᠡᠭ ᠪᠠᠢᠯ᠎ᠠ
ᠪᠠᠭ᠎ᠠ ᠶ᠋ᠢᠨ ᠴᠢᠮ᠎ᠠ ᠠ᠋ᠴᠠ ᠪᠠᠨ ᠠᠶᠠᠷᠯᠠᠭᠰᠠᠨ ᠮᠢᠨᠢ
ᠪᠤᠴᠠᠰᠢ ᠦᠭᠡᠢ ᠰᠠᠯᠤᠯᠲᠠ ᠪᠠᠢᠯ᠎ᠠ
ᠨᠠᠮᠤᠷ ᠤ᠋ᠨ ᠨᠠᠮᠤᠷ ᠲᠤ᠌ ᠦᠭᠡᠢ ᠠᠩᠭᠢᠷᠬᠠᠨ ᠡᠳᠦᠷ ᠦ᠋ᠳ ᠢ᠋ᠶ᠋ᠡᠨ
ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ
ᠨᠠᠮᠤᠷ ᠤ᠋ᠨ ᠨᠠᠮᠤᠷ ᠲᠤ᠌ ᠦᠭᠡᠢ ᠠᠩᠭᠢᠷᠬᠠᠨ ᠡᠳᠦᠷ ᠦ᠋ᠳ ᠢ᠋ᠶ᠋ᠡᠨ
ᠨᠠᠮᠤᠷ ᠤ᠋ᠨ ᠨᠠᠮᠤᠷ ᠲᠤ᠌ ᠪᠠᠨ ᠳᠤᠷᠠᠰᠴᠤ ᠶᠠᠪᠤᠭᠠᠷᠠᠢ
ᠨᠠᠯᠠᠭᠠᠷᠬᠠᠨ ᠲᠡᠷᠡ ᠨᠠᠮᠤᠷ ᠤ᠋ᠨ ᠳᠤᠷᠠᠰᠬᠠᠯ
ᠨᠠᠪᠴᠢ ᠨᠢ ᠨᠣᠭᠣᠭᠠᠨ ᠢ᠋ᠶ᠋ᠡᠷ ᠮᠥᠩᠬᠡᠵᠢᠬᠦ ᠪᠣᠯᠤᠭᠠᠰᠠᠢ
ᠨᠠᠰᠤᠨ ᠤ᠋ ᠨᠠᠮᠤᠷ ᠵᠤᠯᠠᠢ ᠳ᠋ᠤ᠌ ᠴᠢᠨᠢ ᠰᠠᠭᠠᠲᠠᠬᠤ ᠳ᠋ᠤ᠌
ᠨᠠᠢᠵᠠ ᠶ᠋ᠢᠨ ᠰᠡᠳᠬᠢᠯ ᠢ᠋ᠶ᠋ᠡᠷ ᠡᠷᠭᠢᠵᠦ ᠬᠠᠷᠠᠭᠠᠷᠠᠢ