ᠪᠢ ᠮᠣᠩᠭᠣᠯ ᠡᠷ᠎ᠡ ᠬᠥᠮᠦᠨ- ᠪᠠᠳᠤᠪᠤᠯᠤᠳБи монгол эр хүн-Батболд
ᠪᠢ ᠮᠣᠩᠭᠣᠯ ᠡᠷ᠎ᠡ ᠬᠥᠮᠦᠨБи монгол эр хүн
ᠦᠭᠡ ᠄ ᠳ ᠡᠩᠭᠡᠳᠠᠶ᠋ᠢᠪᠤᠩ
ᠷ
ᠪᠠᠶᠠᠷᠰᠠᠶ᠋ᠢᠬᠠᠨ
ᠠᠶ᠎ᠠ ᠄
ᠳ ᠴᠸᠩᠷᠠᠪᠳᠠᠨ
ᠲᠠᠭᠤᠴᠢᠨ
᠄ ᠪᠠᠳᠤᠪᠤᠯᠤᠳ
ᠪᠢ
ᠲᠤᠯᠭᠠᠨ ᠳ᠋ᠤ᠌ ᠴᠣᠶ᠋ᠢᠯᠤᠨ
ᠳᠦᠷᠡᠯᠵᠡᠬᠦ ᠬᠦᠴᠦᠲᠦ ᠲᠣᠭᠰᠢᠨ ᠭᠠᠯ ᠤᠨ ᠲᠦᠯᠤ ᠡ
ᠪᠢ ᠰᠢᠯᠦᠭ ᠲᠡᠷᠯᠡᠨ ᠰᠡᠭᠦᠷᠡᠰᠦ ᠠᠯᠳᠠᠬᠤ ᠣᠮᠣᠭ ᠪᠠᠷᠳᠠᠮ ᠮᠣᠩᠭᠣᠯ ᠡᠷ᠎ᠡ ᠬᠥᠮᠦᠨ ᠳ᠋ᠧ
ᠪᠢ ᠬᠠᠯᠬ᠎ᠠ ᠶ᠋ᠢᠨ ᠰᠠᠶ᠋ᠢᠬᠠᠨ ᠪᠦᠰᠡᠭᠦᠢ ᠶ᠋ᠢᠨ᠃ ᠬᠠᠷᠠᠭ᠎ᠠ ᠶ᠋ᠢ ᠪᠤᠯᠢᠶᠠᠵᠤ
ᠬᠠᠶ᠋ᠢᠷ᠎ᠠ ᠶ᠋ᠢ ᠲᠠᠲᠠᠭᠰᠠᠨ
ᠪᠢ ᠰᠡᠳᠬᠢᠯ ᠰᠡᠷᠬᠦᠬᠡᠨ ᠠᠶ᠋ᠢᠵᠠᠮ ᠤᠷᠤᠰᠬᠠᠵᠤ ᠤᠶᠠᠷᠠᠨ ᠰᠠᠨᠠᠬᠤ ᠮᠣᠩᠭᠣᠯ ᠡᠷ᠎ᠡ ᠬᠥᠮᠦᠨ ᠳ᠋ᠧ
ᠪᠢ ᠨᠠᠷᠠᠳᠤ ᠳᠤ
ᠬᠣᠷᠭᠣᠳᠠᠨ ᠰᠢᠭᠤᠷᠬᠤ ᠭᠢᠯᠮᠠᠳᠤ ᠰᠢᠷᠦᠭᠦᠨ ᠰᠢᠭᠤᠷᠭᠠᠨ ᠤ ᠰᠢᠷᠬᠡᠭ
ᠪᠢ ᠳᠠᠭᠤᠤ ᠠᠶᠠᠯᠤᠨ ᠰᠡᠳᠬᠢᠯ ᠲᠠᠶ᠋ᠢᠳᠬᠤᠷᠠᠵᠤ ᠰᠢᠷᠤᠩᠬᠠᠢ ᠬᠠᠲᠠᠭᠠᠬᠤ ᠮᠣᠩᠭᠣᠯ ᠡᠷ᠎ᠡ
ᠬᠥᠮᠦᠨ ᠳ᠋ᠧ
ᠪᠢ ᠰᠡᠳᠬᠢᠯ ᠦᠨ ᠰᠠᠶ᠋ᠢᠬᠠᠨ ᠢᠶ᠋ᠠᠷ ᠬᠠᠨᠢ ᠪᠠᠨ ᠳᠡᠭᠡᠳᠦᠯᠡᠵᠦ ᠬᠠᠯᠠᠮᠵᠢ
ᠪᠠᠨ ᠪᠦᠬᠦᠨ ᠳ᠋ᠦ᠍ ᠬᠠᠷᠠᠮ ᠥᠬᠡᠢ ᠬᠠᠶ᠋ᠢᠷᠠᠯᠠᠬᠤ
ᠪᠢ ᠬᠠᠯᠠᠭᠤᠨ ᠰᠡᠳᠬᠡᠯ ᠡᠨᠡᠬᠡᠨ ᠪᠡᠶ᠎ᠡ ᠪᠡᠨ ᠪᠤᠰᠤᠳ ᠲᠤ᠌ ᠵᠣᠷᠢᠭᠤᠯᠬᠤ ᠮᠣᠩᠭᠣᠯ
ᠡᠷ᠎ᠡ ᠬᠥᠮᠦᠨ ᠳ᠋ᠧ
ᠪᠢ ᠬᠡᠭᠡᠷ᠎ᠡ ᠶ᠋ᠢᠨ ᠰᠠᠯᠬᠢᠨ ᠳ᠋ᠤ᠌ ᠠᠷᠢᠭᠤᠰᠤᠭᠰᠠᠨ
ᠡᠩᠭᠡᠷ ᠦᠨ ᠭᠠᠭᠴᠠᠬᠠᠨ ᠮᠣᠳᠣᠨ ᠤ ᠨᠠᠪᠴᠢ
ᠪᠢ ᠡᠩᠬᠦᠷᠡᠢ ᠨᠤᠲᠤᠭ ᠢᠶ᠋ᠠᠨ ᠪᠤᠰᠤᠳ ᠠ᠋ᠴᠠ ᠬᠠᠷᠠᠮᠯᠠᠵᠤ ᠳᠡᠭᠡᠭᠰᠢ ᠪᠡᠨ ᠣᠭᠰᠢᠬᠤ
ᠮᠣᠩᠭᠣᠯ ᠡᠷ᠎ᠡ ᠬᠥᠮᠦᠨ ᠳ᠋ᠧ
ᠪᠢ ᠠᠷᠭᠠᠯ ᠤᠨ ᠤᠲᠤᠭ᠎ᠠ ᠦᠨᠦᠷᠯᠡᠵᠦ ᠠᠩᠭᠢᠷ ᠤᠭᠤᠷᠠᠭ ᠢᠶ᠋ᠠᠨ ᠵᠠᠯᠭᠢᠯᠠᠵᠤ ᠥᠰᠦᠭᠰᠡᠨ
ᠪᠢ ᠲᠡᠭᠷᠢ ᠳᠤ ᠪᠠᠨ ᠰᠦᠰᠦᠭᠯᠡᠨ ᠨᠠᠷᠠᠨ ᠳᠤ ᠪᠠᠨ ᠵᠠᠯᠪᠠᠷᠢᠬᠤ ᠬᠥᠬᠡ ᠲᠣᠯᠪᠣ ᠲᠠᠢ
ᠮᠣᠩᠭᠣᠯ ᠡᠷ᠎ᠡ ᠬᠥᠮᠦᠨ ᠳ᠋ᠧ
ᠪᠢ ᠳᠡᠯᠡᠬᠡᠢ ᠳ᠋ᠦ᠍ ᠲᠠᠪᠠ ᠪᠠᠷ ᠠᠮᠢᠳᠤᠷᠠᠬᠤ ᠳᠡᠭᠡᠳᠦᠰ ᠵᠠᠶᠠᠭᠠᠲᠤ ᠮᠣᠩᠭᠣᠯ ᠡᠷ᠎ᠡ
ᠬᠥᠮᠦᠨ
ᠪᠢ ᠳᠡᠪᠡᠯ ᠢᠶ᠋ᠡᠨ ᠪᠦᠰᠡᠯᠡᠵᠦ ᠬᠥᠭᠡᠷᠭᠡ ᠵᠦᠷᠢᠬᠦᠯᠡᠬᠦ
ᠳᠡᠭᠡᠭᠰᠢ ᠪᠡᠨ ᠬᠡᠶ᠋ᠢᠮᠣᠷᠢ ᠲᠠᠢ ᠮᠣᠩᠭᠣᠯ ᠡᠷ᠎ᠡ ᠬᠥᠮᠦᠨ
ᠪᠢ ᠮᠣᠷᠢᠨ ᠳᠡᠯ ᠳᠡᠭᠡᠷ᠎ᠡ ᠲᠠᠷᠴᠢᠬᠯᠠᠨ ᠮᠣᠩᠭᠣᠯ ᠢᠶ᠋ᠠᠨ
ᠭᠡᠵᠦ ᠴᠡᠭᠡᠵᠢ ᠪᠡᠨ ᠳᠡᠯᠡᠳᠬᠦ
ᠪᠢ ᠮᠣᠷᠢᠲᠠᠨ ᠠᠷᠠᠳ ᠤᠨ ᠤᠳᠤᠮ ᠵᠠᠯᠭᠠᠬᠤ ᠤᠷᠭ᠎ᠠ ᠰᠤᠩᠭᠠᠬᠤ ᠮᠣᠩᠭᠣᠯ ᠡᠷ᠎ᠡ ᠬᠥᠮᠦᠨ
ᠳ᠋ᠧ
ᠪᠢ ᠮᠣᠷᠢᠨ ᠳᠡᠯ ᠳᠡᠭᠡᠷ᠎ᠡ ᠲᠠᠷᠴᠢᠬᠯᠠᠨ ᠮᠣᠩᠭᠣᠯ ᠢᠶ᠋ᠠᠨ ᠭᠡᠵᠦ ᠴᠡᠭᠡᠵᠢ ᠪᠡᠨ ᠳᠡᠯᠡᠳᠬᠦ
ᠪᠢ ᠲᠠᠯᠠᠴᠠᠳᠠᠭ ᠥᠬᠡᠢ ᠮᠣᠩᠭᠣᠯ ᠤᠨ ᠲᠥᠯᠥᠭᠡ ᠲᠡᠮᠡᠴᠡᠭᠰᠡᠨ ᠡᠪᠦᠭᠡᠳ ᠦᠨ ᠢᠶ᠋ᠠᠨ ᠵᠠᠷᠯᠢᠬ ᠲᠠᠢ ᠮᠣᠩᠭᠣᠯ ᠡᠷ᠎ᠡ ᠬᠥᠮᠦᠨ ᠳ᠋ᠧ
ᠦᠰᠦᠭ ᠠᠮᠢᠯᠠᠭᠤᠯᠤᠭᠴᠢ᠄ ᠣᠳᠬᠣᠨᠴᠡᠴᠡᠭ
ᠬᠢᠨᠠᠭᠴᠢ᠄ ᠲᠦᠮᠡᠨᠴᠡᠴᠡᠭ
