ᠲᠠᠯᠠᠷᠬᠠᠯ -ᠠᠰᠠᠨ᠎ᠠ Talarkhal-AsnaТалархал-Асна ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠯᠠᠷᠬᠠᠯ -ᠠᠰᠠᠨ᠎ᠠ Talarkhal-AsnaТалархал-Асна

ᠲᠠᠯᠠᠷᠬᠠᠯ -ᠠᠰᠠᠨ᠎ᠠ Talarkhal-AsnaТалархал-Асна

2026-06-13

6

ᠲᠠᠯᠠᠷᠬᠠᠯ


   ᠦᠭᠡ᠄ ᠠᠮᠤᠭᠤᠯᠠᠩ 
   ᠠᠶ᠎ᠠ᠄ ᠡᠷᠳᠡᠨᠢᠭᠡᠷᠡᠯ 
   ᠳᠠᠭᠤᠴᠢᠨ᠄ ᠠᠰᠠᠨ᠎ᠠ 

ᠭᠡᠭᠡᠨ ᠠᠷᠢᠭᠤᠨ ᠡᠵᠢ ᠶ᠋ᠢᠨ ᠬᠠᠢᠷ᠎ᠠ ᠪᠠᠷ 
ᠴᠡᠴᠡᠭ ᠰᠢᠭ ᠳᠡᠯᠭᠡᠷᠡᠵᠦ ᠦᠰᠦᠯ᠎ᠡ ᠪᠢ 
ᠬᠡᠷᠡᠯᠳᠦᠬᠦ ᠬᠣᠷᠸ᠎ᠠ ᠶ᠋ᠢᠨ ᠵᠠᠢ ᠳ᠋ᠤ᠌ ᠨᠢ 
ᠲᠠᠨ ᠢ᠋ ᠪᠡᠨ ᠦᠷᠭᠦᠯᠵᠢ ᠬᠠᠢᠷᠠᠯᠠᠨ᠎ᠠ ᠪᠢ 
ᠠᠭᠤᠯᠠ ᠰᠢᠭ᠋ ᠠᠪᠤ ᠶ᠋ᠢᠨ ᠢ᠋ᠶ᠋ᠡᠨ ᠤᠬᠠᠭᠠᠨ ᠢ᠋ᠶ᠋ᠠᠷ 
ᠤᠨᠠᠭ᠎ᠠ ᠰᠢᠭ᠋ ᠴᠣᠪᠣᠭᠣᠵᠢᠵᠤ ᠲᠣᠷᠨᠢᠯ᠎ᠠ ᠪᠢ 
ᠠᠭᠤᠳᠠᠮ ᠣᠷᠴᠢᠯᠠᠩ ᠤ᠋ᠨ ᠡᠩᠭᠡᠷ ᠲᠦ᠍ ᠨᠢ 
ᠲᠠᠨ ᠢ᠋ ᠪᠡᠨ ᠦᠷᠭᠦᠯᠵᠢ ᠳᠡᠭᠡᠳᠦᠯᠡᠨ᠎ᠡ ᠪᠢ
ᠠᠢ ᠬᠦᠢ ᠭᠡᠭᠡᠨ ᠠᠷᠢᠭᠤᠨ ᠡᠵᠢ ᠮᠢᠨᠢ
ᠠ ᠬᠦᠢ ᠠᠭᠤᠯᠠ ᠰᠢᠭ᠋ ᠤᠬᠠᠭᠠᠨ ᠲᠠᠢ ᠠᠪᠤ ᠮᠢᠨᠢ

ᠰᠠᠷᠠ ᠰᠢᠭ᠋ ᠪᠠᠭᠰᠢ ᠶ᠋ᠢᠨ ᠰᠤᠷᠭᠠᠯ ᠢ᠋ᠶ᠋ᠠᠷ
ᠰᠠᠷᠠᠭᠤᠯ ᠤᠬᠠᠭᠠᠨ ᠢ᠋ᠶ᠋ᠠᠷ ᠬᠥᠮᠦᠵᠢᠯ᠎ᠡ ᠪᠢ
ᠰᠠᠨᠰᠠᠷ ᠳᠡᠯᠡᠬᠡᠢ ᠶ᠋ᠢᠨ ᠵᠤᠯᠠᠢ ᠳ᠋ᠤ᠌ ᠨᠢ
ᠲᠠᠨ ᠢ᠋ ᠪᠡᠨ ᠰᠢᠲᠦᠵᠦ ᠶᠠᠪᠤᠨ᠎ᠠ ᠪᠢ
ᠡᠷᠳᠡᠮ ᠦ᠋ᠨ ᠥᠷᠭᠥᠭᠡ ᠰᠤᠷᠭᠠᠭᠤᠯᠢ ᠳ᠋ᠠᠭᠠᠨ
ᠡᠷᠲᠡᠯᠡᠨ ᠰᠢᠮᠳᠠᠨ ᠰᠤᠷᠤᠯᠴᠠᠨ᠎ᠠ ᠪᠢ
ᠡᠷᠳᠡᠮ ᠦ᠋ᠨ ᠳᠠᠯᠠᠢ ᠳ᠋ᠤ᠌ ᠱᠤᠮᠪᠠᠭᠤᠯᠤᠭᠰᠠᠨ
ᠰᠤᠷᠭᠠᠭᠤᠯᠢ ᠪᠠᠨ ᠳᠠᠭᠤᠯᠠᠵᠤ ᠶᠠᠪᠤᠨ᠎ᠠ ᠪᠢ
ᠠᠢ ᠬᠦᠢ ᠰᠠᠷᠠ ᠰᠢᠭ ᠪᠠᠭᠰᠢ ᠮᠢᠨᠢ
ᠠ ᠬᠦᠢ ᠡᠷᠳᠡᠮ ᠦ᠋ᠨ ᠥᠷᠭᠥᠭᠡ ᠰᠤᠷᠭᠠᠭᠤᠯᠢ ᠮᠢᠨᠢ

ᠬᠠᠢ ᠬᠠᠢ ᠠᠢ᠂ ᠡᠵᠢ ᠮᠢᠨᠢ᠂ ᠠᠪᠤ ᠮᠢᠨᠢ᠂ ᠪᠠᠭᠰᠢ ᠮᠢᠨᠢ
ᠡᠷᠳᠡᠮ ᠦ᠋ᠨ ᠥᠷᠭᠥᠭᠡ ᠰᠤᠷᠭᠠᠭᠤᠯᠢ ᠮᠢᠨᠢ ᠁᠁

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠬᠢᠨᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃