ᠡᠭᠦᠯᠡᠨ ᠪᠣᠷᠣ ᠮᠣᠩᠭᠣᠯ ᠠᠵᠢᠨᠠᠢ -ᠨᠢ᠊· ᠭᠡᠷᠡᠯᠴᠢᠯᠠᠭᠤᠨҮүлэн бор монгол ажнай-Нь·Хэрэлгчулуун
ᠡᠭᠦᠯᠡᠨ ᠪᠣᠷᠣ ᠮᠣᠩᠭᠣᠯ ᠠᠵᠢᠨᠠᠢ
ᠦᠭᠡ᠄ ᠴ· ᠨᠠᠨᠳᠢᠨᠴᠡᠴᠡᠭ ᠂ ᠱ · ᠭᠦᠷᠦᠪᠠᠽᠠᠷ
ᠠᠶ᠎ᠠ᠄ ᠴ · ᠳ᠋ᠠᠰᠢᠽᠠᠪᠩ
ᠳᠠᠭᠤᠴᠢᠨ᠄ ᠨᠢ᠊· ᠭᠡᠷᠡᠯᠴᠢᠯᠠᠭᠤᠨ
ᠨᠠᠭᠠᠳᠤᠮ ᠨᠠᠭᠠᠳᠤᠮ ᠤ᠋ᠨ ᠳᠡᠪᠵᠢᠶᠡᠨ ᠳ᠋ᠦ᠍
ᠬᠣᠲᠠᠯᠠ ᠣᠯᠠᠨ ᠢ᠋ᠶ᠋ᠠᠨ ᠴᠡᠩᠭᠡᠭᠦᠯᠦᠭᠰᠡᠨ
ᠨᠠᠷᠠᠨ ᠳᠣᠣᠷ᠎ᠠ ᠴᠠᠬᠢᠯᠠᠭᠰᠠᠨ
ᠲᠩᠷᠢ ᠶ᠋ᠢᠨ ᠰᠠᠬᠢᠭᠤᠰᠤ ᠲᠠᠢ ᠠᠵᠢᠨᠠᠢ ᠬᠦᠯᠦᠭ ᠮᠢᠨᠢ
ᠤᠶᠠᠭᠠᠴᠢ ᠤᠶᠠᠭᠠᠴᠢᠳ ᠤ᠋ᠨ ᠭᠠᠯ ᠳᠡᠭᠡᠷ᠎ᠡ
ᠳᠣᠮᠣᠭ ᠰᠢᠭ᠋ ᠠᠢᠷᠠᠭᠳᠠᠭᠰᠠᠨ ᠪᠤᠶᠠᠨ
ᠤᠷᠲᠤ ᠶ᠋ᠢᠨ ᠳᠠᠭᠤᠤ ᠲᠠᠢ ᠡᠳᠦᠷ ᠦ᠋ᠳ ᠦ᠋ᠨ
ᠤᠶᠠᠩᠭ᠎ᠠ ᠨᠢ ᠪᠣᠯᠤᠭᠰᠠᠨ ᠬᠦᠯᠦᠭ ᠮᠢᠨᠦ ᠵᠧ
ᠲᠤᠭᠤᠷᠠᠢ ᠶ᠋ᠢᠨ ᠬᠡ ᠲᠡᠢ ᠨᠠᠭᠠᠳᠤᠮ ᠳ᠋ᠠᠭᠠᠨ
ᠲᠣᠷᠭᠠᠨ ᠵᠢᠯᠣᠭᠣ ᠡᠷᠭᠦᠭᠦᠯᠦᠭᠰᠡᠨ ᠠ᠋
ᠡᠭᠦᠯᠡᠨ ᠪᠣᠷᠣ ᠬᠦᠯᠦᠭ ᠮᠢᠨᠢ
ᠡᠵᠡᠨ ᠢ᠋ᠶ᠋ᠡᠨ ᠣᠭᠰᠢᠬᠤ ᠳ᠋ᠤ᠌ ᠦᠦᠷᠰᠡᠨ᠎ᠡ ᠠ᠋
ᠳᠡᠯᠭᠡᠷ ᠳᠡᠯᠭᠡᠷ ᠬᠥᠨᠳᠡᠢ ᠶ᠋ᠢᠨ
ᠳᠡᠯ ᠦ᠋ᠨ ᠰᠠᠯᠬᠢ ᠶ᠋ᠢ ᠥᠨᠳᠡᠯᠵᠡᠭᠦᠯᠵᠦ
ᠳᠡᠭᠡᠳᠦᠰ ᠦ᠋ᠨ ᠲᠡᠦᠬᠡ ᠶ᠋ᠢ ᠥᠷᠲᠡᠭᠡᠯᠡᠭᠰᠡᠨ
ᠲᠩᠷᠢ ᠶ᠋ᠢᠨ ᠰᠠᠬᠢᠭᠤᠰᠤ ᠲᠠᠢ ᠠᠵᠢᠨᠠᠢ ᠬᠦᠯᠦᠭ ᠮᠢᠨᠢ
ᠨᠤᠲᠤᠭ ᠨᠤᠲᠤᠭ ᠤ᠋ᠨ ᠤᠶᠠᠭᠠᠴᠢᠳ ᠤ᠋ᠨ
ᠨᠢᠭᠤᠴᠠᠬᠠᠨ ᠬᠠᠷᠠᠴᠠ ᠶ᠋ᠢ ᠤᠨᠠᠭᠠᠭᠰᠠᠨ
ᠨᠠᠷᠠᠨ ᠤ᠋ ᠰᠤᠳᠤᠷ ᠲᠠᠢ ᠡᠳᠦᠷ ᠦ᠋ᠳ ᠦ᠋ᠨ
ᠲᠠᠷᠨᠢ ᠪᠣᠯᠤᠭᠰᠠᠨ ᠬᠦᠯᠦᠭ ᠮᠢᠨᠢ ᠵᠧ
ᠲᠤᠭᠤᠷᠠᠢ ᠶ᠋ᠢᠨ ᠬᠡ ᠲᠡᠢ ᠨᠠᠭᠠᠳᠤᠮ ᠳ᠋ᠠᠭᠠᠨ
ᠲᠣᠷᠭᠠᠨ ᠵᠢᠯᠣᠭᠣ ᠡᠷᠭᠦᠭᠦᠯᠦᠭᠰᠡᠨ ᠡ
ᠡᠭᠦᠯᠡᠨ ᠪᠣᠷᠣ ᠬᠦᠯᠦᠭ ᠮᠢᠨᠢ
ᠡᠵᠡᠨ ᠢ᠋ᠶ᠋ᠡᠨ ᠣᠭᠰᠢᠬᠤ ᠳ᠋ᠤ᠌ ᠦᠦᠷᠰᠡᠨ᠎ᠡ ᠠ᠋
ᠠᠰᠠᠷ ᠠᠰᠠᠷ ᠤ᠋ᠨ ᠣᠷᠣᠢ ᠳ᠋ᠤ᠌
ᠠᠯᠲᠠᠨ ᠰᠣᠶᠣᠮᠪᠣ
ᠨᠠᠮᠢᠷᠠᠨ᠎ᠠ ᠠ᠋
ᠠᠵᠠ ᠶ᠋ᠢᠨ ᠱᠠᠭᠠᠢ ᠶ᠋ᠢ ᠪᠦᠵᠢᠭᠦᠯᠦᠭᠰᠡᠨ
ᠲᠩᠷᠢ ᠶ᠋ᠢᠨ ᠰᠠᠬᠢᠭᠤᠰᠤ ᠲᠠᠢ ᠠᠵᠢᠨᠠᠢ ᠬᠦᠯᠦᠭ ᠮᠢᠨᠢ
ᠨᠠᠷᠠᠨ ᠵᠦᠭ ᠦ᠋ᠨ ᠨᠤᠲᠤᠭ ᠲᠠᠢ
ᠢᠷᠦᠭᠡᠯ ᠳᠠᠯᠠᠯᠤᠭᠰᠠᠨ ᠪᠤᠶᠠᠨ
ᠨᠠᠭᠠᠳᠤᠮᠴᠢ ᠲᠦᠮᠡᠨ ᠦ᠌ ᠰᠡᠳᠬᠢᠯ ᠳ᠋ᠡᠭᠡᠨ
ᠠᠶᠠᠯᠭᠤ ᠪᠣᠯᠤᠭᠰᠠᠨ ᠬᠦᠯᠦᠭ ᠮᠢᠨᠢ ᠵᠧ
ᠲᠤᠭᠤᠷᠠᠢ ᠶ᠋ᠢᠨ ᠬᠡ ᠲᠡᠢ ᠨᠠᠭᠠᠳᠤᠮ ᠳ᠋ᠠᠭᠠᠨ
ᠲᠣᠷᠭᠠᠨ ᠵᠢᠯᠣᠭᠣ ᠡᠷᠭᠦᠭᠦᠯᠦᠭᠰᠡᠨ ᠠ᠋
ᠡᠭᠦᠯᠡᠨ ᠪᠣᠷᠣ ᠬᠦᠯᠦᠭ ᠮᠢᠨᠢ
ᠡᠵᠡᠨ ᠢ᠋ᠶ᠋ᠡᠨ ᠣᠭᠰᠢᠬᠤ ᠳ᠋ᠤ᠌ ᠦᠦᠷᠰᠡᠨ᠎ᠡ ᠠ᠋
ᠲᠤᠭᠤᠷᠠᠢ ᠶ᠋ᠢᠨ ᠬᠡ ᠲᠡᠢ ᠨᠠᠭᠠᠳᠤᠮ ᠳ᠋ᠠᠭᠠᠨ
ᠲᠣᠷᠭᠠᠨ ᠵᠢᠯᠣᠭᠣ ᠡᠷᠭᠦᠭᠦᠯᠦᠭᠰᠡᠨ ᠠ᠋
ᠡᠭᠦᠯᠡᠨ ᠪᠣᠷᠣ ᠬᠦᠯᠦᠭ ᠮᠢᠨᠢ
ᠮᠣᠩᠭᠣᠯ ᠢ᠋ᠶ᠋ᠠᠨ ᠰᠡᠷᠢᠭᠡᠵᠦ ᠦᠦᠷᠰᠡᠨ᠎ᠡ ᠠ᠋᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
