ᠵᠣᠨ ᠢᠷᠡᠯ᠎ᠡ -ᠤᠷᠠᠨᠲᠣᠭᠣᠰ Zun irlee-UrantogosЗун ирлээ-Урантогос
ᠵᠣᠨ ᠢᠷᠡᠯ᠎ᠡ
ᠦᠭᠡ᠄ ᠬᠠᠰᠳᠣᠭᠳᠠᠬᠤ
ᠠᠶ᠎ᠠ᠄ ᠨᠠᠨᠳᠢᠨ
ᠳᠠᠭᠤᠴᠢᠨ᠄ ᠤᠷᠠᠨᠲᠣᠭᠣᠰ
ᠵᠦᠯᠭᠡ ᠶ᠋ᠢᠨ ᠨᠣᠭᠣᠭ᠎ᠠ ᠴᠤᠬᠤᠢᠯᠭᠠᠨ
ᠵᠦᠢᠯ ᠦ᠋ᠨ ᠴᠡᠴᠡᠭ ᠳᠡᠯᠭᠡᠷᠡᠭᠦᠯᠦᠨ
ᠤᠳᠠᠨ ᠮᠥᠴᠢᠷ ᠨᠠᠮᠢᠷᠠᠭᠤᠯᠤᠨ
ᠬᠠᠢᠯᠠᠰᠤᠨ ᠵᠤᠭ᠎ᠠ ᠬᠠᠶᠠᠯᠠᠭᠤᠯᠤᠭᠠᠳ
ᠵᠤᠨ ᠢᠷᠡᠯ᠎ᠡ ᠵᠤᠨ ᠢᠷᠡᠯ᠎ᠡ
ᠵᠢᠷᠭᠠᠯᠠᠩᠲᠤ ᠨᠤᠲᠤᠭ ᠲᠤ᠌ ᠮᠢᠨᠢ ᠵᠤᠨ ᠢᠷᠡᠯ᠎ᠡ
ᠵᠠᠭᠤᠨ ᠰᠢᠪᠠᠭᠤ ᠵᠢᠷᠭᠢᠭᠦᠯᠦᠨ
ᠮᠢᠩᠭᠠᠨ ᠬᠤᠷᠠᠭ᠎ᠠ ᠮᠠᠢᠯᠠᠯᠳᠤᠭᠤᠯᠤᠨ
ᠴᠠᠭᠠᠨ ᠡᠭᠦᠯᠡᠰ ᠬᠥᠪᠦᠯᠵᠡᠭᠦᠯᠦᠨ
ᠴᠠᠰᠤᠲᠤ ᠰᠠᠷᠢᠳᠠᠭ ᠬᠠᠢᠯᠠᠭᠤᠯᠤᠭᠠᠳ
ᠵᠤᠨ ᠢᠷᠡᠯ᠎ᠡ ᠵᠤᠨ ᠢᠷᠡᠯ᠎ᠡ
ᠵᠢᠷᠭᠠᠯᠠᠩᠲᠤ ᠨᠤᠲᠤᠭ ᠲᠤ᠌ ᠮᠢᠨᠢ ᠵᠤᠨ ᠢᠷᠡᠯ᠎ᠡ
ᠮᠥᠰᠥ ᠴᠠᠰᠤ ᠶ᠋ᠢ ᠤᠬᠢᠯᠠᠭᠤᠯᠤᠨ
ᠮᠥᠷᠡᠨ ᠭᠣᠣᠯ ᠢ᠋ ᠳᠠᠭᠤᠯᠠᠭᠤᠯᠤᠨ
ᠠᠢᠷᠠᠭ ᠴᠡᠬᠡ ᠰᠡᠩᠭᠢᠨᠡᠭᠦᠯᠦᠨ
ᠨᠠᠢᠷᠠᠭ ᠳᠠᠭᠤᠤ ᠬᠠᠩᠭᠢᠨᠠᠭᠤᠯᠤᠭᠠᠳ
ᠵᠤᠨ ᠢᠷᠡᠯ᠎ᠡ ᠵᠤᠨ ᠢᠷᠡᠯ᠎ᠡ
ᠵᠢᠷᠭᠠᠯᠠᠩᠲᠤ ᠨᠤᠲᠤᠭ ᠲᠤ᠌ ᠮᠢᠨᠢ ᠵᠤᠨ ᠢᠷᠡᠯ᠎ᠡ
ᠵᠤᠨ ᠢᠷᠡᠯ᠎ᠡ ᠵᠤᠨ ᠢᠷᠡᠯ᠎ᠡ
ᠵᠢᠷᠭᠠᠯᠠᠩᠲᠤ ᠨᠤᠲᠤᠭ ᠲᠤ᠌ ᠮᠢᠨᠢ ᠵᠤᠨ ᠢᠷᠡᠯ᠎ᠡ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
