ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠨᠢᠭᠡᠳᠦᠭᠡᠷ ᠪᠦᠯᠦᠭ> ᠬᠣᠶᠠᠷ᠂ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠤᠮᠠᠷᠠᠲᠤ ᠠᠯᠲᠠᠨ ᠤᠯᠤᠰ ᠲᠤ ᠳᠠᠭᠠᠭᠰᠠᠨ ᠨᠢ Дайчин улсын үеийн монголын түүх-Намсрай 1-2 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠨᠢᠭᠡᠳᠦᠭᠡᠷ ᠪᠦᠯᠦᠭ> ᠬᠣᠶᠠᠷ᠂ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠤᠮᠠᠷᠠᠲᠤ ᠠᠯᠲᠠᠨ ᠤᠯᠤᠰ ᠲᠤ ᠳᠠᠭᠠᠭᠰᠠᠨ ᠨᠢ Дайчин улсын үеийн монголын түүх-Намсрай 1-2

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠨᠢᠭᠡᠳᠦᠭᠡᠷ ᠪᠦᠯᠦᠭ> ᠬᠣᠶᠠᠷ᠂ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠤᠮᠠᠷᠠᠲᠤ ᠠᠯᠲᠠᠨ ᠤᠯᠤᠰ ᠲᠤ ᠳᠠᠭᠠᠭᠰᠠᠨ ᠨᠢ Дайчин улсын үеийн монголын түүх-Намсрай 1-2

ᠠᠩᠭᠢᠯᠠᠯ:ᠲᠡᠦᠬᠡ ᠰᠣᠶᠣᠯ
2026-06-11

65

ᠨᠢᠭᠡᠳᠦᠭᠡᠷ ᠪᠦᠯᠦᠭ᠂ ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠴᠢᠩ ᠤᠯᠤᠰ ᠲᠤ ᠳᠠᠭᠠᠭᠰᠠᠨ ᠨᠢ

ᠬᠣᠶᠠᠳᠤᠭᠠᠷ ᠬᠡᠰᠡᠭ᠂ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠤᠮᠠᠷᠠᠲᠤ ᠠᠯᠲᠠᠨ ᠤᠯᠤᠰ ᠲᠤ ᠳᠠᠭᠠᠭᠰᠠᠨ ᠨᠢ


             ᠨᠢᠭᠡ᠂ ᠥᠪᠥᠷ ᠬᠠᠯᠬ᠎ᠠ ᠪᠣᠯᠤᠨ ᠬᠣᠷᠴᠢᠨ ᠤ᠋ ᠳᠠᠭᠠᠭᠰᠠᠨ ᠨᠢ    
       1622 ᠣᠨ ᠠ᠋ᠴᠠ ᠡᠮᠦᠨ᠎ᠡ᠂ ᠤᠮᠠᠷᠠᠲᠤ ᠠᠯᠲᠠᠨ ᠤᠯᠤᠰ ᠤ᠋ᠨ ᠡᠵᠡᠨ ᠨᠣᠷᠬᠠᠴᠢ ᠣᠶᠤᠨ ᠴᠢᠳᠠᠯ ᠢ᠋ᠶ᠋ᠠᠨ ᠲᠥᠪᠯᠡᠷᠡᠭᠦᠯᠦᠨ ᠵᠦᠷᠴᠢᠨ ᠢ᠋ ᠨᠢᠭᠡᠳᠬᠡᠬᠦ ᠶ᠋ᠢᠨ ᠬᠠᠮᠲᠤ᠂ ᠯᠢᠶᠣᠣ ᠳ᠋ᠦᠩ ᠣᠷᠣᠨ ᠳ᠋ᠠᠬᠢ ᠮᠢᠩ ᠤᠯᠤᠰ ᠤ᠋ᠨ ᠴᠡᠷᠢᠭ ᠦ᠋ᠨ ᠬᠦᠴᠦᠨ ᠲᠡᠢ ᠦᠵᠡᠯᠴᠡᠵᠦ ᠪᠠᠢᠪᠠ᠃  ᠡᠨᠡᠬᠦ ᠬᠤᠭᠤᠴᠠᠭᠠᠨ ᠳ᠋ᠤ᠌᠂ ᠥᠪᠥᠷ ᠬᠠᠯᠬ᠎ᠠ ᠪᠣᠯᠤᠨ ᠬᠣᠷᠴᠢᠨ ᠤ᠋ ᠲᠠᠢᠵᠢ ᠨᠠᠷ ᠯᠢᠭᠳᠡᠨ ᠬᠠᠭᠠᠨ ᠤ᠋ ᠵᠠᠷᠯᠢᠭ ᠢ᠋ᠶ᠋ᠠᠷ ᠤᠮᠠᠷᠠᠲᠤ ᠠᠯᠲᠠᠨ ᠤᠯᠤᠰ ᠢ᠋ ᠬᠡᠳᠦᠨᠲᠡ ᠳᠠᠢᠯᠠᠵᠤ ᠥᠩᠭᠡᠷᠡᠵᠡᠢ᠃ ᠲᠡᠷᠡ ᠬᠢᠷᠢ ᠳ᠋ᠦ᠍᠂ ᠯᠢᠶᠣᠣ ᠳ᠋ᠦᠩ ᠦ᠋ᠨ ᠭᠠᠵᠠᠷ ᠲᠤ᠌ ᠨᠣᠷᠬᠠᠴᠢ ᠶ᠋ᠢᠨ ᠰᠠᠭᠤᠷᠢ ᠨᠢ ᠪᠡᠬᠢᠵᠢᠭᠡᠳᠦᠢ ᠲᠤᠯᠠ᠂ ᠠᠶᠤᠮᠰᠢᠭ ᠦᠭᠡᠢ ᠮᠣᠩᠭᠣᠯ ᠪᠣᠯᠤᠨ ᠮᠢᠩ ᠤᠯᠤᠰ ᠲᠠᠢ ᠴᠤᠭᠭᠠᠷ ᠳᠠᠢᠰᠤᠩᠨᠠᠵᠤ ᠴᠢᠳᠠᠬᠤ ᠦᠭᠡᠢ ᠪᠠᠢᠪᠠ᠃ ᠲᠡᠢᠮᠦ ᠡᠴᠡ ᠮᠣᠩᠭᠣᠯ ᠲᠠᠢᠵᠢ ᠨᠠᠷ ᠤ᠋ᠨ ᠥᠳᠥᠭᠡᠯᠭᠡ ᠳ᠋ᠦ᠍ ᠬᠦᠯᠢᠴᠡᠩᠭᠦᠢ ᠪᠡᠷ ᠬᠠᠨᠳᠤᠬᠤ ᠪᠤᠶᠤ ᠤᠷᠤᠭ ᠰᠣᠯᠢᠶ᠎ᠠ ᠬᠢᠬᠦ ᠪᠡᠷ ᠣᠢᠷᠠᠲᠤᠵᠤ ᠨᠠᠢᠷ ᠲᠠᠢ ᠶᠠᠪᠤᠯᠴᠠᠬᠤ ᠳᠦᠷᠢ ᠦᠵᠡᠭᠦᠯᠵᠦ ᠪᠠᠢᠪᠠ᠃    
       1612  ᠣᠨ ᠳ᠋ᠤ᠌ ᠨᠣᠷᠬᠠᠴᠢ ᠬᠣᠷᠴᠢᠨ ᠳ᠋ᠤ᠌ ᠬᠥᠮᠦᠨ ᠵᠠᠷᠤᠵᠤ᠂ ᠮᠢᠩᠭᠠᠨ ᠲᠠᠢᠵᠢ ᠶ᠋ᠢᠨ ᠥᠬᠢᠨ ᠢ᠋ ᠪᠠᠭ᠎ᠠ ᠬᠠᠲᠤᠨ ᠢ᠋ᠶ᠋ᠠᠷ ᠵᠠᠯᠠᠵᠠᠢ᠃ 1614 ᠣᠨ ᠤ᠋ ᠳᠥᠷᠪᠡᠳᠦᠭᠡᠷ ᠰᠠᠷ᠎ᠠ ᠳ᠋ᠤ᠌᠂ ᠥᠪᠥᠷ ᠬᠠᠯᠬ᠎ᠠ ᠶ᠋ᠢᠨ ᠵᠠᠷᠤᠳ ᠲᠠᠢᠵᠢ ᠵᠦᠩᠨᠦᠨ ᠦ᠌ ᠥᠬᠢᠨ ᠢ᠋ ᠨᠣᠷᠬᠠᠴᠢ ᠬᠣᠶᠠᠳᠤᠭᠠᠷ ᠬᠥᠪᠡᠭᠦᠨ ᠳ᠋ᠠᠢᠱᠠᠨ ᠳ᠋ᠤ᠌ ᠵᠠᠯᠠᠵᠤ ᠭᠡᠷᠭᠡᠢ ᠪᠣᠯᠭᠠᠪᠠ᠃ ᠮᠥᠨ ᠰᠠᠷ᠎ᠠ ᠳ᠋ᠤ᠌᠂ ᠵᠠᠷᠤᠳ ᠤ᠋ᠨ ᠨᠠᠢᠵᠢ ᠬᠠᠨ ᠥᠪᠡᠷᠦᠨ ᠥᠬᠢᠨ ᠳᠡᠭᠦᠦ ᠪᠡᠨ ᠨᠣᠷᠬᠠᠴᠢ ᠶ᠋ᠢᠨ ᠲᠠᠪᠤᠳᠤᠭᠠᠷ ᠬᠥᠪᠡᠭᠦᠨ ᠮᠡᠩᠭᠤᠯᠳᠠᠢ ᠲᠠᠢ ᠤᠷᠤᠭᠯᠠᠭᠤᠯᠵᠠᠢ᠃ ᠵᠠᠯᠭᠠᠭᠠᠳ ᠨᠣᠷᠬᠠᠴᠢ ᠶ᠋ᠢᠨ ᠳᠥᠲᠥᠭᠡᠷ ᠬᠥᠪᠡᠭᠦᠨ ᠬᠣᠩ ᠲᠠᠢᠵᠢ ᠳ᠋ᠤ᠌ ᠬᠣᠷᠴᠢᠨ ᠤ᠋ ᠮᠠᠩᠭᠤᠰ ᠲᠠᠢᠵᠢ ᠶ᠋ᠢᠨ ᠥᠬᠢᠨ ᠢ᠋ ᠬᠠᠲᠤᠨ ᠢ᠋ᠶ᠋ᠠᠷ ᠮᠥᠨ ᠵᠢᠯ ᠦ᠋ᠨ ᠠᠷᠪᠠᠨ ᠬᠣᠶᠠᠳᠤᠭᠠᠷ ᠰᠠᠷ᠎ᠠ ᠳ᠋ᠤ᠌᠂ ᠵᠠᠷᠤᠳ ᠠᠢᠮᠠᠭ ᠤ᠋ᠨ ᠡᠯᠵᠢᠭᠡ ᠲᠠᠢᠵᠢ ᠶ᠋ᠢᠨ ᠥᠬᠢᠨ ᠢ᠋ ᠨᠣᠷᠬᠠᠴᠢ ᠶ᠋ᠢᠨ ᠠᠷᠪᠠᠳᠤᠭᠠᠷ ᠬᠥᠪᠡᠭᠦᠨ ᠳᠡᠭᠡᠯᠡᠢ ᠳ᠋ᠦ᠍ ᠤᠷᠤᠭᠯᠠᠭᠤᠯᠵᠠᠢ᠃  1615 ᠣᠨ ᠳ᠋ᠤ᠌᠂ ᠬᠣᠷᠴᠢᠨ ᠤ᠋ ᠬᠣᠩᠭᠣᠷ ᠲᠠᠢᠵᠢ ᠶ᠋ᠢᠨ ᠥᠬᠢᠨ ᠢ᠋ ᠵᠠᠯᠠᠵᠤ᠂ ᠨᠣᠷᠬᠠᠴᠢ ᠥᠪᠡᠷᠦᠨ ᠪᠠᠭ᠎ᠠ ᠬᠠᠲᠤᠨ ᠢ᠋ᠶ᠋ᠠᠨ ᠪᠣᠯᠭᠠᠪᠠ᠃  1617  ᠣᠨ ᠳ᠋ᠤ᠌᠂ ᠥᠪᠥᠷ ᠬᠠᠯᠬ᠎ᠠ ᠶ᠋ᠢᠨ ᠪᠠᠶᠤᠳ ᠣᠲᠣᠭ ᠤ᠋ᠨ ᠳᠠᠷᠬᠠᠨ ᠪᠠᠭᠠᠲᠤᠷ ᠨᠣᠶᠠᠨ ᠤ᠋ ᠬᠥᠪᠡᠭᠦᠨ ᠡᠩᠬᠡᠳᠡᠷ ᠡᠴᠡ ᠮᠠᠨᠵᠤ ᠶ᠋ᠢᠨ ᠱᠤᠷᠬᠠᠴᠢ ᠶ᠋ᠢᠨ ᠳᠥᠲᠥᠭᠡᠷ ᠥᠬᠢᠨ ᠢ᠋ ᠬᠠᠲᠤᠨ ᠪᠣᠯᠭᠠᠵᠤ ᠠᠪᠴᠠᠢ᠃  ᠡᠨᠡ ᠮᠡᠲᠦ ᠤᠷᠤᠭ ᠰᠣᠯᠢᠶ᠎ᠠ ᠶ᠋ᠢᠨ ᠲᠠᠰᠤᠷᠠᠯᠲᠠ ᠦᠭᠡᠢ ᠶᠠᠪᠤᠭᠳᠠᠬᠤ ᠪᠠᠷ ᠳᠠᠮᠵᠢᠨ ᠮᠣᠩᠭᠣᠯ ᠤ᠋ᠨ ᠡᠲᠡᠭᠡᠳ ᠡᠴᠡ ᠢᠷᠡᠬᠦ ᠳᠠᠷᠤᠯᠲᠠ ᠶ᠋ᠢ ᠠᠯᠢ ᠪᠣᠯᠬᠤ ᠪᠠᠷ ᠪᠠᠭᠠᠰᠬᠠᠵᠤ᠂ ᠪᠦᠬᠦ ᠣᠶᠤᠨ ᠴᠢᠳᠠᠯ ᠢ᠋ᠶ᠋ᠠᠨ ᠮᠢᠩ ᠤᠯᠤᠰ ᠲᠠᠢ ᠦᠵᠡᠯᠴᠡᠬᠦ ᠳ᠋ᠦ᠍ ᠲᠠᠯᠪᠢᠪᠠ᠃  
       1618  ᠣᠨ ᠤ᠋ ᠳᠥᠷᠪᠡᠳᠦᠭᠡᠷ ᠰᠠᠷ᠎ᠠ ᠠ᠋ᠴᠠ ᠡᠬᠢᠯᠡᠵᠦ᠂ ᠨᠣᠷᠬᠠᠴᠢ ᠶᠡᠬᠡ ᠴᠡᠷᠢᠭ ᠳᠠᠢᠴᠢᠯᠠᠨ ᠹᠦ ᠱᠦᠨ᠂ ᠺᠠᠢ ᠶᠤᠸᠠᠨ᠂ ᠲᠢᠶᠧ ᠯᠢᠩ ᠪᠣᠯᠤᠨ ᠰᠠᠷᠬᠤ ᠶ᠋ᠢᠨ ᠲᠡᠢᠨ ᠢ᠋ᠶ᠋ᠡᠷ ᠯᠢᠶᠣᠣ ᠳ᠋ᠦᠩ ᠣᠷᠣᠨ ᠳ᠋ᠠᠬᠢ ᠮᠢᠩ ᠤᠯᠤᠰ ᠤ᠋ᠨ ᠴᠡᠷᠢᠭ ᠢ᠋ ᠶᠡᠬᠡᠬᠡᠨ ᠤᠰᠠᠳᠬᠠᠵᠠᠢ᠃  1621 ᠣᠨ ᠤ᠋ ᠭᠤᠷᠪᠠᠳᠤᠭᠠᠷ ᠰᠠᠷ᠎ᠠ ᠳ᠋ᠤ᠌ ᠮᠦᠭᠳᠡᠨ ᠪᠣᠯᠤᠨ ᠯᠢᠶᠣᠣ ᠶᠠᠩ ᠢ᠋ ᠪᠠᠢᠯᠳᠤᠨ ᠠᠪᠤᠭᠠᠳ᠂ ᠳᠥᠷᠪᠡᠳᠦᠭᠡᠷ ᠰᠠᠷ᠎ᠠ ᠳ᠋ᠤ᠌ ᠨᠡᠢᠰᠯᠡᠯ ᠢ᠋ᠶ᠋ᠡᠨ ᠯᠢᠶᠣᠣ ᠶᠠᠩ ᠳ᠋ᠤ᠌ ᠰᠢᠯᠵᠢᠭᠦᠯᠦᠭᠰᠡᠨ ᠪᠠᠢᠨ᠎ᠠ᠃ 1622 ᠣᠨ ᠤ᠋ ᠴᠠᠭᠠᠨ ᠰᠠᠷ᠎ᠠ ᠳ᠋ᠤ᠌᠂ ᠨᠤᠷᠬᠠᠴᠢ ᠪᠠᠷᠠᠭᠤᠨᠰᠢ ᠯᠢᠶᠣᠣ ᠾᠧ ᠶ᠋ᠢ ᠭᠡᠲᠦᠯᠦᠨ ᠮᠢᠩ ᠤᠯᠤᠰ ᠤ᠋ᠨ ᠴᠡᠷᠢᠭ ᠦ᠋ᠨ ᠴᠢᠬᠤᠯᠠ ᠪᠠᠯᠭᠠᠰᠤᠨ ᠭᠤᠸᠠᠩ ᠨᠢᠩ (ᠪᠠᠰᠠ ᠪᠧ ᠵᠸᠠ ᠭᠡᠳᠡᠭ) ᠢ᠋ ᠡᠵᠡᠯᠡᠨ ᠠᠪᠴᠠᠢ᠃1625 ᠣᠨ ᠳ᠋ᠤ᠌᠂ ᠨᠤᠷᠬᠠᠴᠢ ᠤᠯᠤᠰ ᠤ᠋ᠨ ᠨᠡᠢᠰᠯᠡᠯ ᠢ᠋ᠶ᠋ᠡᠨ ᠮᠦᠭᠳᠡᠨ ᠬᠣᠲᠠᠨ ᠳ᠋ᠤ᠌ ᠰᠢᠯᠵᠢᠭᠦᠯᠪᠡ ᠃ ᠡᠨᠡ ᠦᠶ᠎ᠡ ᠪᠣᠯᠤᠭᠰᠠᠨ᠎ᠠ᠂ ᠤᠮᠠᠷᠠᠲᠤ ᠠᠯᠲᠠᠨ ᠤᠯᠤᠰ ᠤ᠋ᠨ ᠡᠵᠡᠨ ᠨᠤᠷᠬᠠᠴᠢ ᠯᠢᠶᠣᠣ ᠳ᠋ᠦᠩ ᠣᠷᠣᠨ ᠳ᠋ᠠᠬᠢ ᠮᠢᠩ ᠤᠯᠤᠰ ᠤ᠋ᠨ ᠴᠡᠷᠢᠭ ᠦ᠋ᠨ ᠬᠦᠴᠦᠨ ᠢ᠋ ᠪᠦᠷᠢᠮᠦᠰᠦᠨ ᠱᠦᠭᠦᠷᠳᠡᠨ ᠠᠷᠢᠯᠭᠠᠵᠠᠢ᠃ ᠲᠡᠷᠡ ᠯᠢᠶᠣᠣ ᠳ᠋ᠦᠩ ᠳ᠋ᠡᠬᠢ ᠨᠣᠶᠠᠷᠬᠠᠯ ᠢ᠋ᠶ᠋ᠠᠨ ᠪᠡᠬᠢᠵᠢᠭᠦᠯᠦᠭᠰᠡᠨ ᠦ᠌ ᠳᠠᠷᠠᠭ᠎ᠠ᠂ ᠠᠩᠬᠠᠷᠤᠯ ᠢ᠋ᠶ᠋ᠠᠨ ᠠᠭᠠᠵᠢᠮ ᠢ᠋ᠶ᠋ᠠᠷ ᠮᠣᠩᠭᠣᠯ ᠤ᠋ᠨ ᠴᠠᠬᠠᠷ ᠠᠢᠮᠠᠭ ᠵᠦᠭ ᠰᠢᠯᠵᠢᠭᠦᠯᠪᠡ᠃ 
       ᠭᠡᠲᠡᠯ᠎ᠡ ᠴᠠᠬᠠᠷ ᠪᠣᠯ ᠮᠣᠩᠭᠣᠯ ᠤ᠋ᠨ ᠬᠦᠴᠦᠷᠬᠡᠭ ᠠᠢᠮᠠᠭ ᠪᠣᠯᠬᠣᠷ ᠬᠢᠯᠪᠠᠷ ᠢ᠋ᠶ᠋ᠠᠷ ᠠᠷᠭᠠᠴᠠᠵᠤ ᠪᠣᠯᠬᠤ ᠦᠭᠡᠢ ᠭᠡᠳᠡᠭ ᠢ᠋ ᠨᠤᠷᠬᠠᠴᠢ ᠪᠠᠲᠤᠲᠠᠢ ᠮᠡᠳᠡᠵᠦ ᠪᠠᠢᠭᠰᠠᠨ ᠶᠤᠮ᠃ ᠡᠢᠮᠦ ᠡᠴᠡ ᠲᠡᠷᠡ ᠴᠠᠬᠠᠷ ᠠᠢᠮᠠᠭ ᠤ᠋ᠨ ᠲᠣᠭᠣᠷᠢᠨ ᠳ᠋ᠤ᠌  ᠪᠦᠬᠦᠢ ᠥᠪᠥᠷ ᠬᠠᠯᠬ᠎ᠠ᠂ ᠬᠣᠷᠴᠢᠨ ᠮᠡᠲᠦ ᠶ᠋ᠢᠨ ᠠᠢᠮᠠᠭ ᠤ᠋ᠳ ᠲᠤ᠌ ᠵᠠᠪᠰᠠᠷᠳᠠᠭᠤᠯᠬᠤ᠂ ᠠᠷᠭᠠᠳᠠᠨ ᠲᠠᠲᠠᠬᠤ᠂ ᠠᠶᠤᠯᠭᠠᠨ ᠰᠦᠷᠳᠡᠭᠦᠯᠬᠦ ᠠᠷᠭ᠎ᠠ ᠮᠠᠶᠢᠭ ᠢ᠋ᠶ᠋ᠠᠷ ᠯᠢᠭᠳᠡᠨ ᠬᠠᠭᠠᠨ ᠤ᠋ ᠬᠦᠴᠦᠨ ᠢ᠋  ᠰᠤᠯᠠᠷᠠᠭᠤᠯᠤᠨ ᠭᠠᠭᠴᠠᠭᠠᠷᠳᠠᠭᠤᠯᠬᠤ ᠭᠡᠵᠡᠢ᠃ 
      1619 ᠣᠨ ᠤ᠋ ᠳᠣᠯᠣᠳᠤᠭᠠᠷ ᠰᠠᠷ᠎ᠠ ᠳ᠋ᠤ᠌᠂ ᠲᠢᠶᠧ ᠯᠢᠩ ᠦ᠋ᠨ ᠲᠤᠯᠤᠯᠳᠤᠭᠠᠨ ᠤ᠋ ᠳᠠᠷᠠᠭ᠎ᠠ ᠥᠪᠥᠷ ᠬᠠᠯᠬ᠎ᠠ ᠶ᠋ᠢᠨ ᠲᠠᠢᠵᠢ ᠨᠠᠷ ᠲᠤ ᠨᠤᠷᠬᠠᠴᠢ ᠵᠠᠯᠭᠠᠪᠠᠷ ᠬᠥᠮᠦᠨ ᠢᠯᠡᠭᠡᠵᠦ᠂ ᠤᠮᠠᠷᠠᠲᠤ ᠠᠯᠲᠠᠨ ᠤᠯᠤᠰ ᠲᠠᠢ ᠴᠢᠭᠤᠯᠭᠠᠨ ᠳ᠋ᠤ᠌ ᠲᠠᠩᠭᠠᠷᠢᠭ ᠬᠢᠵᠦ ᠰᠠᠢᠲᠤᠷ ᠶᠠᠪᠤᠯᠴᠠᠵᠤ ᠬᠠᠮᠲᠤ ᠶ᠋ᠢᠨ ᠬᠦᠴᠦᠨ ᠢ᠋ᠶ᠋ᠡᠷ ᠮᠢᠩ ᠤᠯᠤᠰ ᠲᠠᠢ ᠲᠡᠮᠡᠴᠡᠰᠦᠭᠡᠢ ᠭᠡᠮᠡᠨ ᠱᠠᠭᠠᠷᠳᠠᠪᠠ᠃ ᠲᠡᠭᠦᠨ ᠦ᠌ ᠵᠣᠷᠢᠯᠭ᠎ᠠ ᠨᠢ ᠳᠠᠷᠤᠢ ᠥᠪᠥᠷ ᠬᠠᠯᠬ᠎ᠠ ᠪᠣᠯᠤᠨ ᠴᠠᠬᠠᠷ ᠢ᠋ ᠵᠠᠪᠰᠠᠷᠳᠠᠭᠤᠯᠬᠤ ᠳ᠋ᠤ᠌ ᠣᠷᠣᠰᠢᠨ᠎ᠠ᠃ ᠠᠷᠪᠠᠨ ᠨᠢᠭᠡᠳᠦᠭᠡᠷ ᠰᠠᠷ᠎ᠠ ᠳ᠋ᠤ᠌᠂ ᠥᠪᠥᠷ ᠬᠢᠩᠭᠠᠨ ᠤ᠋ ᠰᠡᠲᠡᠷᠬᠡᠢ ᠬᠡᠮᠡᠬᠦ ᠭᠠᠵᠠᠷ ᠲᠤ ᠥᠪᠥᠷ ᠬᠠᠯᠬ᠎ᠠ ᠶ᠋ᠢᠨ ᠲᠠᠪᠤᠨ ᠣᠲᠣᠭ ᠤ᠋ᠨ ᠬᠡᠰᠡᠭ ᠲᠠᠢᠵᠢ ᠨᠠᠷ ᠪᠣᠯᠤᠨ ᠨᠤᠷᠬᠠᠴᠢ ᠶ᠋ᠢᠨ ᠢᠯᠡᠭᠡᠭᠰᠡᠨ ᠡᠯᠴᠢ ᠡᠭᠰᠢᠩᠭᠡ᠂ ᠴᠥᠬᠦᠷ᠂ ᠬᠣᠷᠴᠢᠨ ᠨᠠᠷ ᠲᠠᠢ ᠴᠠᠭᠠᠨ ᠮᠣᠷᠢ ᠬᠠᠷ᠎ᠠ ᠦᠬᠡᠷ ᠠᠯᠠᠨ ᠲᠠᠩᠭᠠᠷᠢᠭ ᠬᠢᠵᠦ᠂ ᠬᠠᠷᠢᠯᠴᠠᠨ ᠨᠠᠢᠷᠠᠯᠳᠤᠵᠤ᠂ ᠮᠢᠩ ᠤᠯᠤᠰ ᠲᠠᠢ ᠳᠠᠢᠰᠤᠩᠨᠠᠬᠤ ᠭᠡᠪᠡ  [20] ᠃  ᠨᠤᠷᠬᠠᠴᠢ ᠶ᠋ᠢᠨ ᠵᠠᠪᠰᠠᠷᠳᠠᠭᠤᠯᠤᠨ ᠲᠠᠲᠠᠬᠤ ᠲᠥᠷᠥ ᠶ᠋ᠢᠨ ᠪᠣᠳᠣᠯᠭ᠎ᠠ ᠨᠢ ᠡᠴᠦᠰ ᠲᠡᠭᠡᠨ ᠦᠢᠯᠡᠳᠦᠯ ᠭᠠᠷᠴᠠᠢ᠃ 1621 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂ ᠥᠪᠥᠷ ᠬᠠᠯᠬ᠎ᠠ ᠶ᠋ᠢᠨ ᠬᠥᠷᠪᠥᠰᠢ᠂ ᠮᠠᠩᠭᠤᠯᠠ ᠬᠣᠶᠠᠷ ᠲᠠᠢᠵᠢ ᠬᠠᠷᠢᠶᠠᠲᠤ ᠵᠢᠷᠭᠤᠭᠠᠨ ᠵᠠᠭᠤᠨ ᠡᠷᠦᠬᠡ ᠪᠡᠨ ᠳᠠᠭᠠᠭᠤᠯᠵᠤ ᠯᠢᠶᠣᠣ ᠶᠠᠩ ᠳ᠋ᠤ᠌ ᠢᠷᠡᠭᠡᠳ ᠤᠮᠠᠷᠠᠲᠤ ᠠᠯᠲᠠᠨ ᠤᠯᠤᠰ ᠲᠤ ᠳᠠᠭᠠᠵᠠᠢ [21] ᠃ ᠨᠤᠷᠬᠠᠴᠢ ᠶᠡᠬᠡ ᠬᠤᠷᠢᠮ ᠳᠠᠢᠯᠠᠯᠭ᠎ᠠ ᠪᠠᠷ ᠤᠭᠲᠤᠵᠤ᠂ ᠰᠤᠩᠭᠤᠲᠤ ᠭᠦᠩᠵᠦ ᠶ᠋ᠢ ᠬᠥᠷᠪᠥᠰᠢ ᠲᠠᠢᠵᠢ ᠳ᠋ᠤ᠌ ᠬᠣᠯᠪᠣᠪᠠ᠃ 
       ᠥᠪᠥᠷ ᠬᠠᠯᠬ᠎ᠠ ᠶ᠋ᠢᠨ ᠬᠡᠰᠡᠭ ᠲᠠᠢᠵᠢ ᠨᠠᠷ ᠮᠠᠨᠵᠤ ᠲᠠᠢ ᠤᠷᠤᠭ ᠰᠣᠯᠢᠶ᠎ᠠ ᠪᠣᠯᠵᠤ᠂ ᠴᠢᠭᠤᠯᠭᠠᠨ ᠲᠠᠩᠭᠠᠷᠢᠭ ᠬᠢᠭᠰᠡᠨ ᠶᠠᠪᠤᠳᠠᠯ ᠤ᠋ᠳ ᠨᠢ ᠯᠢᠭᠳᠡᠨ ᠬᠠᠭᠠᠨ ᠤ᠋ ᠰᠡᠵᠢᠭᠯᠡᠯ ᠢ᠋ ᠲᠥᠷᠥᠭᠦᠯᠵᠡᠢ᠃ ᠵᠡᠭᠦᠨ ᠭᠠᠷᠤᠨ ᠭᠤᠷᠪᠠᠨ ᠲᠦᠮᠡᠨ ᠢ᠋ ᠵᠠᠬᠢᠷᠴᠤ ᠪᠠᠢᠭ᠎ᠠ  ᠰᠢᠷᠬᠤᠨᠠᠭ ᠳᠦᠭᠦᠷᠡᠩ ᠬᠣᠩ ᠲᠠᠢᠵᠢ ᠶ᠋ᠢ ᠯᠢᠭᠳᠡᠨ ᠬᠠᠭᠠᠨ ᠴᠢᠩᠭ᠎ᠠ ᠪᠤᠷᠤᠭᠤᠰᠢᠶᠠᠵᠤ᠂ ᠲᠡᠭᠦᠨ ᠢ᠋ ᠨᠤᠷᠬᠠᠴᠢ ᠲᠠᠢ ᠳᠠᠯᠳᠠ ᠬᠠᠷᠢᠴᠠᠭ᠎ᠠ ᠲᠠᠢ ᠭᠡᠮᠡᠨ ᠰᠡᠵᠢᠭᠯᠡᠭᠡᠳ ᠠᠮᠲᠠ ᠦᠵᠡᠭᠦᠯᠬᠦ ᠰᠠᠨᠠᠭ᠎ᠠ ᠲᠠᠢ ᠪᠠᠢᠪᠠ᠃  ᠲᠡᠭᠦᠨᠴᠡ ᠮᠣᠩᠭᠣᠯ ᠤ᠋ᠨ ᠳᠣᠲᠣᠭᠠᠳᠤ ᠶ᠋ᠢᠨ ᠵᠥᠷᠢᠴᠡᠯ ᠨᠢ ᠶᠡᠬᠡᠳᠦᠭᠡᠳ ᠬᠠᠷᠢᠶᠠᠲᠤ ᠠᠢᠮᠠᠭ ᠢ᠋ᠶ᠋ᠠᠨ ᠠᠯᠳᠠᠵᠤ ᠡᠬᠢᠯᠡᠵᠡᠢ᠃ 
       1622 ᠣᠨ ᠤ᠋ ᠬᠣᠶᠠᠳᠤᠭᠠᠷ ᠰᠠᠷ᠎ᠠ ᠳ᠋ᠤ᠌᠂ ᠵᠡᠭᠦᠨ ᠭᠤᠷᠪᠠᠨ ᠲᠦᠮᠡᠨ ᠢ᠋ ᠵᠠᠷᠯᠢᠭ ᠢ᠋ᠶ᠋ᠠᠷ ᠵᠠᠬᠢᠷᠬᠤ ᠣᠨᠴᠠ ᠡᠷᠬᠡᠲᠦ ᠰᠠᠢᠳ ᠰᠢᠷᠬᠤᠨᠠᠭ ᠳᠦᠭᠦᠷᠡᠩ ᠬᠣᠩ ᠲᠠᠢᠵᠢ ᠯᠢᠭᠳᠡᠨ ᠲᠡᠢ ᠮᠠᠭᠤᠳᠠᠯᠴᠠᠵᠤ᠂ ᠥᠪᠡᠷ ᠦ᠋ᠨ ᠬᠠᠷᠢᠶᠠᠲᠤ ᠦᠵᠢᠶᠡᠳ ᠪᠣᠯᠤᠨ ᠥᠯᠵᠡᠢᠲᠦ ᠲᠠᠢᠵᠢ ᠶ᠋ᠢᠨ ᠣᠷᠭᠤᠳ ᠤ᠋ᠨ ᠭᠤᠷᠪᠠᠨ ᠮᠢᠩᠭᠠᠨ ᠡᠷᠦᠬᠡ ᠶ᠋ᠢ ᠳᠠᠭᠠᠭᠤᠯᠤᠨ ᠯᠢᠶᠣᠣ ᠶᠠᠩ ᠳ᠋ᠤ᠌ ᠢᠷᠡᠭᠡᠳ ᠨᠣᠷᠬᠠᠴᠢ ᠳ᠋ᠤ᠌ ᠳᠠᠭᠠᠪᠠ[22]᠃ ᠡᠭᠦᠨ ᠦ᠌ ᠨᠥᠯᠥᠭᠡ ᠪᠡᠷ1623 ᠣᠨ ᠤ᠋ ᠴᠠᠭᠠᠨ ᠰᠠᠷ᠎ᠠ ᠳ᠋ᠤ᠌᠂ ᠥᠪᠥᠷ ᠬᠠᠯᠬ᠎ᠠ ᠶ᠋ᠢᠨ ᠯᠠᠪᠠᠰᠬᠢᠪ᠂ ᠰᠤᠨᠤᠮ᠂ ᠮᠠᠩᠭᠣ᠂ ᠳᠠᠯᠠᠢ ᠲᠠᠢᠵᠢ ᠨᠠᠷ ᠪᠠᠰᠠ ᠬᠠᠷᠢᠶᠠᠲᠤ ᠲᠠᠪᠤᠨ ᠵᠠᠭᠤᠨ ᠡᠷᠦᠬᠡ ᠪᠡᠨ ᠳᠠᠭᠠᠭᠤᠯᠤᠨ ᠯᠢᠶᠣᠣ ᠶᠠᠩ ᠳ᠋ᠤ᠌ ᠢᠷᠡᠵᠦ ᠳᠠᠭᠠᠵᠠᠢ᠃ ᠲᠡᠷᠡ ᠬᠢᠷᠢ ᠳ᠋ᠦ᠍ ᠦᠵᠦᠮᠦᠴᠢᠨ ᠠᠢᠮᠠᠭ ᠤ᠋ᠨ ᠣᠩᠭᠣᠨ ᠲᠣᠷᠭᠠᠯ ᠤ᠋ᠨ ᠬᠥᠪᠡᠭᠦᠨ ᠳᠣᠷᠵᠢ ᠰᠡᠴᠡᠨ ᠵᠢᠨᠦᠩ ᠵᠢᠴᠢ ᠲᠡᠭᠦᠨ ᠦ᠌ ᠠᠪᠠᠭ᠎ᠠ ᠶ᠋ᠢᠨ ᠬᠥᠪᠡᠭᠦᠨ ᠰᠡᠷᠡᠩ ᠡᠷᠳᠡᠨᠢ ᠲᠠᠢᠵᠢ ᠪᠠᠰᠠ ᠯᠢᠭᠳᠡᠨ ᠬᠠᠭᠠᠨ ᠲᠠᠢ ᠮᠠᠭᠤᠳᠠᠯᠴᠠᠵᠤ᠂ ᠬᠠᠷᠢᠶᠠᠲᠤ ᠪᠠᠨ ᠠᠪᠴᠤ ᠭᠣᠪᠢ ᠶ᠋ᠢᠨ ᠠᠷᠤ ᠶ᠋ᠢᠨ ᠰᠡᠴᠡᠨ ᠬᠠᠨ ᠱᠣᠯᠣᠢ ᠶ᠋ᠢ ᠲᠦᠰᠢᠬᠦ ᠪᠡᠷ ᠶᠠᠪᠤᠪᠠ᠃ ᠵᠠᠯᠭᠠᠭᠠᠳ ᠰᠥᠨᠢᠳ ᠠᠢᠮᠠᠭ ᠤ᠋ᠨ ᠰᠣᠰᠠᠢ ᠪᠠᠭᠠᠲᠤᠷ ᠵᠢᠨᠦᠩ᠂ ᠬᠠᠭᠤᠴᠢᠨ ᠠᠢᠮᠠᠭ ᠤ᠋ᠨ ᠴᠡᠷᠡᠩ ᠢᠯᠲᠠᠩ᠂ ᠠᠪᠠᠭ᠎ᠠ ᠠᠢᠮᠠᠭ ᠤ᠋ᠨ ᠲᠤᠰᠠᠭᠠᠷ ᠵᠠᠰᠠᠭᠲᠤ ᠵᠢᠨᠦᠩ ᠨᠠᠷ ᠲᠤᠰ ᠪᠦᠷᠢ ᠶ᠋ᠢᠨ ᠬᠠᠷᠢᠶᠠᠲᠤ ᠪᠠᠨ ᠳᠠᠭᠠᠭᠤᠯᠤᠨ ᠬᠠᠯᠬ᠎ᠠ ᠶ᠋ᠢᠨ ᠰᠡᠴᠡᠨ ᠬᠠᠨ ᠱᠣᠯᠣᠢ ᠶ᠋ᠢ ᠲᠦᠰᠢᠬᠦ ᠪᠡᠷ ᠶᠠᠪᠤᠵᠠᠢ᠃ 
       ᠰᠢᠷᠬᠤᠨᠠᠭ ᠳᠦᠭᠦᠷᠡᠩ ᠬᠣᠩ ᠲᠠᠢᠵᠢ ᠤᠮᠠᠷᠠᠲᠤ ᠠᠯᠲᠠᠨ ᠤᠯᠤᠰ ᠢ᠋ ᠲᠦᠰᠢᠬᠦ ᠪᠡᠷ ᠣᠴᠢᠭᠰᠠᠨ ᠶᠠᠪᠤᠳᠠᠯ ᠨᠢ ᠮᠣᠩᠭᠣᠯ ᠤ᠋ᠨ ᠯᠢᠭᠳᠡᠨ ᠬᠠᠭᠠᠨ ᠲᠡᠭᠦᠨ ᠦ᠌ ᠬᠠᠷᠢᠶᠠᠲᠤ ᠠᠢᠮᠠᠭ ᠤ᠋ᠳ ᠲᠠᠭᠠᠨ ᠰᠡᠷᠭᠡᠢᠯᠡᠬᠦ ᠴᠢᠨᠠᠷ ᠲᠠᠢ ᠠᠷᠭ᠎ᠠ ᠬᠡᠮᠵᠢᠶ᠎ᠡ ᠠᠪᠬᠤ ᠴᠢᠬᠤᠯᠠ ᠲᠠᠢ ᠪᠣᠯᠭᠠᠵᠠᠢ᠃ ᠲᠡᠷᠡ ᠥᠪᠥᠷ ᠬᠠᠯᠬ᠎ᠠ᠂ ᠬᠣᠷᠴᠢᠨ ᠵᠡᠷᠭᠡ ᠠᠢᠮᠠᠭ ᠤ᠋ᠨ ᠣᠯᠠᠨ ᠲᠠᠢᠵᠢ ᠨᠠᠷ ᠲᠤ ᠵᠠᠷᠯᠢᠭ ᠤᠯᠠᠮᠵᠢᠯᠠᠵᠤ᠂ ᠤᠮᠠᠷᠠᠲᠤ ᠠᠯᠲᠠᠨ ᠤᠯᠤᠰ ᠤ᠋ᠨ ᠬᠥᠮᠦᠰ ᠲᠡᠢ ᠳᠤᠷ᠎ᠠ ᠵᠣᠷᠢᠭ ᠢ᠋ᠶ᠋ᠠᠷ ᠶᠠᠪᠤᠯᠴᠠᠵᠤ ᠪᠣᠯᠬᠤ ᠦᠭᠡᠢ ᠭᠡᠰᠡᠨ ᠪᠥᠭᠡᠳ ᠮᠡᠳᠡᠪᠡᠰᠦ ᠴᠡᠷᠢᠭ ᠶᠠᠪᠤᠭᠤᠯᠵᠤ ᠶᠠᠯ᠎ᠠ ᠠᠰᠠᠭᠤᠮᠤᠢ ᠭᠡᠪᠡ᠃  
       1623 ᠣᠨ ᠤ᠋ ᠲᠠᠪᠤᠳᠤᠭᠠᠷ ᠰᠠᠷ᠎ᠠ ᠳ᠋ᠤ᠌᠂ ᠨᠣᠷᠬᠠᠴᠢ ᠪᠠᠰᠠ ᠪᠠᠷᠠᠭᠤᠨ ᠭᠠᠷᠤᠨ ᠵᠠᠷᠤᠳ ᠲᠠᠢᠵᠢ ᠳ᠋ᠨ᠌ᠶᠠ ᠪᠣᠯᠤᠨ ᠰᠠᠪᠠᠨ ᠳ᠋ᠤ᠌ ᠢᠱᠠᠮ ᠪᠣᠯᠤᠨ ᠭᠦᠯᠡᠢ ᠬᠡᠮᠡᠬᠦ ᠬᠣᠶᠠᠷ ᠡᠯᠴᠢ ᠶ᠋ᠢ ᠳᠠᠯᠳᠠᠭᠤᠷ ᠢᠯᠡᠭᠡᠪᠡ᠃ ᠵᠠᠷᠯᠢᠭ ᠢ᠋ᠶ᠋ᠠᠷ ᠪᠠᠷᠠᠭᠤᠨ ᠭᠠᠷᠤᠨ ᠵᠠᠷᠤᠳ ᠢ᠋ ᠬᠢᠨᠠᠵᠤ ᠪᠠᠢᠭᠰᠠᠨ ᠵᠡᠭᠦᠨ ᠭᠠᠷᠤᠨ ᠲᠠᠢᠵᠤ ᠵᠦᠩᠨᠥᠨ᠂ ᠪᠠᠭᠠᠷᠢᠨ ᠵᠡᠭᠦᠨ ᠭᠠᠷᠤᠨ ᠲᠠᠢᠵᠢ ᠠᠩᠬ᠎ᠠ ᠨᠠᠷ ᠤᠮᠠᠷᠠᠲᠤ ᠠᠯᠲᠠᠨ ᠤᠯᠤᠰ ᠤ᠋ᠨ ᠡᠯᠴᠢ ᠢᠱᠠᠮ ᠪᠣᠯᠤᠨ ᠭᠦᠯᠡᠢ ᠶ᠋ᠢ ᠵᠠᠮ ᠠ᠋ᠴᠠ ᠨᠢ ᠲᠣᠨᠣᠵᠤ ᠪᠠᠢᠳᠠᠭ ᠢ᠋ ᠨᠢ ᠪᠤᠯᠢᠶᠠᠪᠠ᠃ ᠪᠠᠷᠠᠭᠤᠨ ᠭᠠᠷᠤᠨ ᠵᠠᠷᠤᠳ ᠲᠠᠢᠵᠢ ᠰᠠᠪᠠᠨ ᠤᠮᠠᠷᠠᠲᠤ ᠠᠯᠲᠠᠨ ᠤᠯᠤᠰ ᠲᠠᠢ ᠳᠠᠯᠳᠠᠭᠤᠷ ᠶᠠᠪᠤᠯᠴᠠᠯ᠎ᠠ ᠭᠡᠮᠡᠨ ᠯᠢᠭᠳᠡᠨ ᠬᠠᠭᠠᠨ ᠳ᠋ᠤ᠌ ᠴᠢᠩᠭ᠎ᠠ ᠪᠤᠷᠤᠭᠤᠰᠢᠶᠠᠭᠳᠠᠵᠠᠢ᠃ ᠶᠠᠯ᠎ᠠ ᠠᠰᠠᠭᠤᠬᠤ ᠠ᠋ᠴᠠ ᠠᠶᠤᠭᠰᠠᠨ ᠲᠠᠢᠵᠢ ᠰᠠᠪᠠᠨ ᠬᠠᠷᠢᠶᠠᠲᠤ ᠪᠠᠨ ᠳᠠᠭᠠᠭᠤᠯᠤᠨ ᠬᠣᠷᠴᠢᠨ ᠤ᠋ ᠭᠠᠵᠠᠷ ᠳᠤᠲᠠᠭᠠᠨ ᠣᠴᠢᠪᠠ᠃ ᠬᠣᠷᠴᠢᠨ ᠤ᠋ ᠣᠣᠪᠠ ᠲᠠᠢᠵᠢ ᠪᠠᠰᠠ ᠶᠠᠯ᠎ᠠ ᠨᠥᠮᠥᠷᠬᠦ ᠡᠴᠡ ᠵᠢᠷᠦᠬᠡᠰᠢᠶᠡᠵᠦ᠂ ᠠᠶᠤᠮᠰᠢᠭ ᠦᠭᠡᠢ ᠪᠡᠷ ᠰᠠᠪᠠᠨ ᠢ᠋ ᠠᠬᠤᠭᠤᠯᠵᠤ ᠴᠢᠳᠠᠭᠰᠠᠨ ᠦᠭᠡᠢ᠃ ᠲᠡᠷᠡ ᠠᠷᠭ᠎ᠠ ᠪᠤᠰᠤ ᠤᠮᠠᠷᠠᠲᠤ ᠠᠯᠲᠠᠨ ᠤᠯᠤᠰ ᠢ᠋ ᠳᠠᠭᠠᠷ᠎ᠠ ᠶᠠᠪᠤᠵᠠᠢ᠃ ᠥᠪᠥᠷ ᠬᠠᠯᠬ᠎ᠠ ᠪᠣᠯᠤᠨ ᠬᠣᠷᠴᠢᠨ ᠤ᠋ ᠨᠡᠯᠢᠶᠡᠳ ᠣᠯᠠᠨ ᠲᠠᠢᠵᠢ ᠨᠠᠷ ᠤᠮᠠᠷᠠᠲᠤ ᠠᠯᠲᠠᠨ ᠤᠯᠤᠰ ᠲᠤ᠌ ᠳᠠᠭᠠᠬᠤ ᠰᠡᠳᠬᠢᠯ ᠪᠠᠢᠪᠠᠴᠤ᠂ ᠯᠢᠭᠳᠡᠨ ᠬᠠᠭᠠᠨ ᠳ᠋ᠤ᠌ ᠬᠠᠰᠢᠭᠳᠠᠵᠤ ᠬᠥᠳᠡᠯᠵᠦ ᠴᠢᠳᠠᠬᠤ ᠦᠭᠡᠢ ᠪᠠᠢᠭ᠎ᠠ ᠶ᠋ᠢ ᠨᠤᠷᠬᠠᠴᠢ ᠮᠡᠳᠡᠪᠡ᠃  ᠲᠡᠭᠦᠨᠴᠡ ᠳᠠᠭᠠᠬᠤ ᠰᠠᠨᠠᠭ᠎ᠠ ᠲᠠᠢ ᠲᠠᠢᠵᠢ ᠨᠠᠷ ᠢ᠋ ᠴᠡᠷᠢᠭ ᠦ᠋ᠨ ᠬᠦᠴᠦᠨ ᠢ᠋ᠶ᠋ᠡᠷ ᠬᠠᠪᠰᠤᠷᠬᠤ ᠭᠡᠮᠡᠨ ᠨᠤᠷᠬᠠᠴᠢ ᠰᠢᠢᠳᠴᠡᠢ᠃ ᠣᠯᠠᠨ ᠤᠳᠠᠭ᠎ᠠ ᠳᠠᠯᠳᠠᠭᠤᠷ ᠬᠠᠷᠢᠯᠴᠠᠭᠰᠠᠨ ᠤ᠋ ᠳᠠᠷᠠᠭ᠎ᠠ ᠣᠤᠪᠠ ᠲᠡᠷᠢᠭᠦᠲᠡᠢ ᠬᠣᠷᠴᠢᠨ ᠤ᠋ ᠣᠯᠠᠨ ᠲᠠᠢᠵᠢ ᠨᠠᠷ ᠢ᠋ ᠲᠡᠳᠡᠨ ᠠᠪᠴᠤ ᠴᠢᠳᠠᠪᠠ᠃  1624 ᠣᠨ ᠤ᠋ ᠬᠣᠶᠠᠳᠤᠭᠠᠷ ᠰᠠᠷ᠎ᠠ ᠳ᠋ᠤ᠌᠂  ᠨᠣᠷᠬᠠᠴᠢ ᠠ᠋ᠴᠠ ᠪᠠᠭᠰᠢ᠂ ᠰᠢᠹᠦ᠋᠂ ᠬᠤᠴᠠᠨ ᠨᠠᠷ ᠢ᠋ ᠬᠣᠷᠴᠢᠨ ᠳ᠋ᠤ᠌ ᠢᠷᠡᠭᠦᠯᠦᠭᠡᠳ ᠶᠡᠬᠡ ᠲᠠᠩᠭᠠᠷᠢᠭ ᠤ᠋ᠨ ᠰᠢᠯᠢ ᠳ᠋ᠦ᠍(ᠥᠨᠥ ᠶ᠋ᠢᠨ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ᠋ ᠬᠤᠸᠠᠲᠤᠭᠤᠯ᠎ᠠ ᠰᠤᠮᠤ ᠳ᠋ᠤ᠌ ᠪᠣᠢ)ᠴᠠᠭᠠᠨ ᠮᠣᠷᠢ ᠬᠠᠷ᠎ᠠ ᠦᠬᠡᠷ ᠠᠯᠠᠵᠤ ᠂ ᠬᠣᠷᠴᠢᠨ ᠤ᠋ ᠣᠣᠪᠠ ᠲᠡᠷᠢᠭᠦᠲᠡᠢ ᠣᠯᠠᠨ ᠲᠠᠢᠵᠢ ᠨᠠᠷ ᠲᠠᠢ ᠴᠢᠭᠤᠯᠭᠠᠨ ᠲᠠᠩᠭᠠᠷᠢᠭ ᠬᠢᠵᠡᠢ [23]᠃ 
       ᠲᠡᠷᠡ ᠬᠢᠷᠢ ᠳ᠋ᠦ᠍ ᠯᠢᠭᠳᠡᠨ ᠬᠠᠭᠠᠨ ᠤ᠋ ᠡᠪᠦᠭᠡ ᠠᠪᠠᠭ᠎ᠠ ᠲᠠᠢᠴᠢᠩ ᠲᠠᠢᠵᠢ ᠪᠠᠰᠠ ᠲᠠᠭᠠᠷᠠᠯᠴᠠᠬᠤ ᠦᠭᠡᠢ ᠪᠣᠯᠤᠭᠠᠳ ᠬᠠᠷᠢᠶᠠᠲᠤ ᠰᠢᠨ᠎ᠡ ᠮᠢᠩᠭᠠᠨ ᠣᠲᠣᠭ ᠪᠣᠯᠤᠨ ᠵᠢᠷᠭᠤᠭᠠᠨ ᠬᠡᠦᠬᠡᠳ ᠢ᠋ᠶ᠋ᠡᠨ ᠳᠠᠭᠠᠭᠤᠯᠤᠨ ᠬᠣᠷᠴᠢᠨ ᠳ᠋ᠤ᠌ ᠳᠤᠲᠠᠭᠠᠨ ᠣᠴᠢᠵᠤ᠂ ᠣᠣᠪ ᠬᠣᠩ ᠲᠠᠢᠵᠢ ᠶ᠋ᠢᠨ ᠬᠠᠮᠠᠭᠠᠯᠠᠯ ᠢ᠋ ᠬᠦᠷᠲᠡᠪᠡ᠃ ᠯᠢᠭᠳᠡᠨ ᠬᠠᠭᠠᠨ ᠠᠭᠤᠷᠯᠠᠵᠤ ᠬᠣᠩᠭᠢᠷᠠᠳ ᠣᠲᠣᠭ ᠤ᠋ᠨ ᠵᠠᠢᠰᠠᠢ ᠨᠣᠶᠠᠨ ᠢ᠋ᠶ᠋ᠠᠷ ᠴᠡᠷᠢᠭ ᠳᠠᠢᠴᠢᠯᠠᠭᠤᠯᠤᠨ᠂ ᠳᠠᠢᠴᠢᠩ ᠲᠠᠢᠵᠢ ᠶ᠋ᠢ ᠬᠥᠭᠡᠭᠡᠵᠦ ᠠᠪᠴᠢᠷᠬᠠᠳᠤᠨ ᠭᠡᠪᠡ᠃  ᠵᠠᠢᠰᠢ ᠨᠣᠶᠠᠨ ᠬᠣᠷᠴᠢᠨ ᠤ᠋ ᠭᠠᠵᠠᠷ ᠲᠤ᠌ ᠲᠦᠷᠢᠨ ᠣᠷᠣᠵᠤ᠂ ᠬᠣᠷᠢᠭᠯᠠᠨ ᠪᠠᠢᠯᠳᠤᠬᠤ ᠪᠠᠷ ᠢᠷᠡᠭᠰᠡᠨ ᠣᠣᠪᠠ ᠶ᠋ᠢᠨ ᠵᠢᠷᠭᠤᠭᠠᠨ ᠲᠠᠢᠵᠢ ᠶ᠋ᠢ ᠠᠯᠠᠭᠠᠳ [24]  ᠢᠯᠠᠯᠲᠠ ᠲᠠᠢ ᠪᠠᠷ ᠪᠤᠴᠠᠪᠠ᠃ 1625 ᠣᠨ ᠤ᠋ ᠨᠢᠭᠡᠳᠦᠭᠡᠷ ᠰᠠᠷ᠎ᠠ ᠳ᠋ᠤ᠌᠂ ᠯᠢᠭᠳᠡᠨ ᠬᠠᠭᠠᠨ ᠥᠪᠡᠷ ᠦ᠋ᠨ ᠪᠡᠶ᠎ᠡ ᠪᠡᠷ ᠶᠡᠬᠡ ᠴᠡᠷᠢᠭ ᠳᠠᠢᠴᠢᠯᠠᠨ ᠣᠣᠪᠠ ᠬᠣᠩ ᠲᠠᠢᠵᠢ ᠠ᠋ᠴᠠ ᠶᠠᠯ᠎ᠠ ᠠᠰᠠᠭᠤᠬᠤ ᠭᠡᠮᠡᠨ ᠬᠡᠯᠡ ᠵᠢᠷᠦᠬᠡᠨ ᠬᠣᠲᠠ ᠶ᠋ᠢ ᠪᠦᠰᠡᠯᠡᠵᠡᠢ ᠃ ᠣᠣᠪᠠ ᠰᠢᠬᠠᠮᠳᠠᠵᠤ᠂ ᠬᠥᠮᠦᠨ ᠵᠠᠷᠤᠵᠤ ᠤᠮᠠᠷᠠᠲᠤ ᠠᠯᠲᠠᠨ ᠤᠯᠤᠰ ᠠ᠋ᠴᠠ ᠲᠤᠰᠠᠯᠠᠮᠵᠢ ᠭᠤᠶᠤᠵᠠᠢ᠃ ᠭᠤᠲᠠᠭᠠᠷ ᠪᠡᠢᠯᠡ ᠮᠠᠩᠭᠤᠯᠳᠠᠢ᠂  ᠳᠥᠲᠥᠭᠡᠷ ᠪᠡᠢᠯᠡ ᠬᠣᠩ ᠲᠠᠢᠵᠢ ᠵᠠᠷᠯᠢᠭ ᠢ᠋ᠶ᠋ᠠᠷ ᠨᠢᠩᠭᠦᠲᠡ ᠶ᠋ᠢᠨ ᠭᠠᠵᠠᠷ ᠠ᠋ᠴᠠ ᠰᠢᠯᠢᠳᠡᠭ ᠴᠡᠷᠢᠭ ᠲᠠᠪᠤᠨ ᠮᠢᠩᠭ᠎ᠠ ᠶ᠋ᠢ ᠳᠠᠢᠴᠢᠯᠠᠵᠤ ᠲᠤᠰᠠᠯᠠᠶ᠎ᠠ ᠢᠷᠡᠪᠡ᠃ ᠤᠮᠠᠷᠠᠲᠤ ᠠᠯᠲᠠᠨ ᠤᠯᠤᠰ ᠶᠡᠬᠡ ᠴᠡᠷᠢᠭ ᠲᠣᠮᠢᠯᠠᠭᠰᠠᠨ ᠭᠡᠮᠡᠨ ᠪᠣᠯᠭᠣᠮᠵᠢᠯᠠᠵᠤ᠂ ᠯᠢᠭᠳᠡᠨ ᠬᠠᠭᠠᠨ ᠬᠢᠩᠭᠠᠨ ᠵᠦᠭ ᠴᠡᠷᠢᠭ ᠢ᠋ᠶ᠋ᠡᠨ ᠲᠠᠲᠠᠪᠠ᠃ ᠲᠡᠷᠡ ᠬᠢᠷᠢ ᠳ᠋ᠦ᠍ ᠥᠪᠥᠷ ᠬᠠᠯᠬ᠎ᠠ ᠶ᠋ᠢᠨ ᠪᠠᠶᠤᠤᠨ ᠣᠲᠣᠭ ᠤ᠋ᠨ ᠳᠠᠷᠬᠠᠨ ᠪᠠᠭᠠᠲᠤᠷ ᠤ᠋ᠨ ᠬᠥᠪᠡᠭᠦᠨ ᠡᠩᠬᠡᠳᠡᠷ ᠲᠠᠢᠵᠢ ᠤᠮᠠᠷᠠᠲᠤ ᠠᠯᠲᠠᠨ ᠤᠯᠤᠰ ᠲᠤ ᠳᠠᠭᠠᠶ᠎ᠠ ᠬᠡᠮᠡᠭᠰᠡᠨ ᠳ᠋ᠦ᠍ ᠨᠤᠷᠠᠭᠴᠢ ᠴᠡᠷᠢᠭ ᠢᠯᠡᠭᠡᠵᠦ ᠬᠠᠮᠠᠭᠠᠯᠠᠨ ᠠᠪᠠᠴᠢᠵᠠᠢ᠃ 
       ᠡᠨᠡᠬᠦ ᠬᠤᠭᠤᠴᠠᠭᠠᠨ ᠳ᠋ᠤ᠌᠂ ᠤᠮᠠᠷᠠᠲᠤ ᠠᠯᠲᠠᠨ ᠤᠯᠤᠰ ᠤ᠋ᠨ ᠡᠯᠴᠢ ᠶ᠋ᠢ ᠵᠠᠷᠤᠳ ᠠᠢᠮᠠᠭ ᠤ᠋ᠨ ᠬᠥᠮᠦᠰ ᠤᠤᠯᠭᠠᠯᠠᠪᠠ ᠭᠡᠮᠡᠨ ᠨᠤᠷᠠᠭᠴᠢ ᠠ᠋ᠴᠠ ᠠᠪᠠᠲᠠᠢ ᠪᠣᠯᠤᠨ ᠳᠡᠭᠡᠯᠡᠢ ᠪᠡᠷ ᠭᠤᠷᠪᠠᠨ ᠮᠢᠩᠭᠠᠨ ᠴᠡᠷᠢᠭ ᠤᠳᠤᠷᠢᠳᠤᠭᠤᠯᠤᠨ ᠢᠯᠡᠭᠡᠵᠡᠢ᠃ ᠲᠡᠳᠡᠨ ᠦ᠌ ᠴᠡᠷᠢᠭ ᠵᠡᠭᠦᠨ ᠭᠠᠷᠤᠨ ᠵᠠᠷᠤᠳ ᠲᠤ ᠴᠥᠮᠥᠷᠡᠨ ᠣᠷᠣᠭᠠᠳ᠂ ᠠᠩᠭ᠎ᠠ ᠲᠠᠢᠵᠢ ᠶ᠋ᠢ ᠠᠯᠠᠵᠤ ᠡᠮᠡᠰ ᠬᠡᠦᠬᠡᠳ ᠮᠠᠯ ᠠᠳᠤᠭᠤ ᠶ᠋ᠢ ᠨᠢ ᠣᠯᠵᠠᠯᠠᠭᠠᠳ ᠪᠤᠴᠠᠪᠠ᠃ ᠯᠢᠭᠳᠡᠨ ᠬᠠᠭᠠᠨ ᠮᠣᠩᠭᠣᠯ ᠤ᠋ᠨ ᠣᠯᠠᠨ ᠠᠢᠮᠠᠭ ᠢ᠋ ᠵᠣᠬᠢᠶᠠᠨ ᠪᠠᠢᠭᠤᠯᠵᠤ ᠤᠮᠠᠷᠠᠲᠤ ᠠᠯᠲᠠᠨ ᠤᠯᠤᠰ ᠤ᠋ᠨ ᠴᠡᠷᠢᠭ ᠲᠡᠢ ᠨᠢᠭᠤᠷ ᠲᠤᠯᠭᠠᠷᠠᠨ ᠪᠠᠢᠯᠳᠤᠵᠤ ᠴᠢᠳᠠᠭᠰᠠᠨ ᠦᠭᠡᠢ ᠮᠥᠷᠲᠡᠭᠡᠨ ᠬᠡᠷᠡᠭ ᠳᠡᠭᠡᠷ᠎ᠡ ᠪᠡᠨ ᠲᠡᠭᠦᠨ ᠦ᠌ ᠲᠣᠭᠣᠷᠢᠨ ᠳ᠋ᠠᠬᠢ ᠡᠯ᠎ᠡ ᠠᠢᠮᠠᠭ ᠢ᠋ᠶ᠋ᠠᠨ ᠨᠤᠷᠠᠭᠴᠢ ᠳ᠋ᠤ᠌ ᠠᠭᠠᠵᠢᠮ ᠢ᠋ᠶ᠋ᠠᠷ ᠢᠳᠡᠭᠳᠡᠬᠦ ᠪᠣᠯᠭᠠᠵᠠᠢ᠃1626 ᠣᠨ ᠤ᠋ ᠲᠠᠪᠤᠳᠤᠭᠠᠷ ᠰᠠᠷ᠎ᠠ ᠳ᠋ᠤ᠌᠂ ᠨᠤᠷᠠᠭᠴᠢ ᠤᠯᠠᠮ ᠢ᠋ᠶ᠋ᠠᠷ ᠳᠠᠪᠠᠭᠤᠷᠠᠨ᠂ ᠥᠪᠡᠷᠦᠨ ᠪᠡᠶ᠎ᠡ ᠪᠡᠷ ᠶᠡᠬᠡ ᠴᠡᠷᠢᠭ ᠳᠠᠢᠴᠢᠯᠠᠨ ᠥᠪᠥᠷ ᠬᠠᠯᠬ᠎ᠠ ᠶ᠋ᠢᠨ ᠪᠠᠭᠠᠷᠢᠨ ᠠᠢᠮᠠᠭ ᠤ᠋ᠨ ᠬᠢᠯᠢ ᠳ᠋ᠦ᠍ ᠨᠠᠢ᠍ᠮᠠᠨ ᠵᠠᠮ ᠢ᠋ᠶ᠋ᠠᠷ ᠳᠠᠭᠠᠷᠢᠨ ᠣᠷᠣᠵᠤ᠂ ᠨᠠᠩᠨᠤᠭ ᠲᠠᠢᠵᠢ ᠶ᠋ᠢ ᠠᠯᠠᠭᠠᠳ ᠬᠠᠷᠢᠶᠠᠲᠤ  ᠣᠯᠠᠨ ᠢ᠋ ᠨᠢ ᠣᠯᠵᠠᠯᠠᠨ ᠠᠪᠠᠴᠢᠪᠠ᠃ ᠪᠠᠭᠠᠷᠢᠨ ᠤ᠋ ᠬᠡᠰᠡᠭ ᠲᠠᠢᠵᠢ ᠨᠠᠷ ᠬᠣᠷᠴᠢᠨ ᠤ᠋ ᠬᠢᠯᠢ ᠳ᠋ᠦ᠍ ᠳᠤᠲᠠᠭᠠᠨ ᠣᠷᠣᠭᠠᠳ᠂ ᠴᠢᠨᠠᠭᠰᠢ ᠪᠠᠨ ᠤᠮᠠᠷᠠᠲᠤ ᠠᠯᠲᠠᠨ ᠤᠯᠤᠰ ᠲᠤ ᠳᠠᠭᠠᠵᠠᠢ᠃ ᠮᠥᠨ ᠵᠢᠯ ᠦ᠋ᠨ ᠠᠷᠪᠠᠳᠤᠭᠠᠷ ᠰᠠᠷ᠎ᠠ ᠳ᠋ᠤ᠌᠂ ᠤᠮᠠᠷᠠᠲᠤ ᠠᠯᠲᠠᠨ ᠤᠯᠤᠰ ᠤ᠋ᠨ ᠶᠡᠬᠡ ᠪᠡᠢᠯᠡ ᠳ᠋ᠠᠢᠱᠠᠨ᠂ ᠳᠡᠳ᠋ ᠪᠡᠢᠯᠡ ᠠᠮᠢᠨ ᠨᠠᠷ ᠵᠠᠷᠤᠳ ᠤ᠋ᠨ  ᠤᠴᠢᠷᠲᠤ ᠲᠠᠢᠵᠢ ᠬᠣᠷᠴᠢᠨ ᠳ᠋ᠤ᠌ ᠢᠯᠡᠭᠡᠭᠰᠡᠨ ᠡᠯᠴᠢ ᠶ᠋ᠢ ᠬᠣᠷᠢᠭᠯᠠᠪᠠ ᠭᠡᠮᠡᠨ ᠲᠦᠮᠡ ᠰᠢᠬᠠᠮ ᠴᠡᠷᠢᠭ ᠳᠠᠢᠴᠢᠯᠠᠨ ᠵᠡᠭᠦᠨ ᠭᠠᠷᠤᠨ ᠵᠠᠷᠤᠳ ᠵᠦᠭ ᠳᠣᠪᠲᠣᠯᠤᠨ ᠪᠠᠭ ᠳᠠᠷᠬᠠᠨ ᠲᠡᠷᠢᠭᠦᠲᠡᠢ ᠠᠷᠪᠠᠨ ᠳᠥᠷᠪᠡᠨ ᠲᠠᠢᠵᠢ ᠪᠣᠯᠤᠨ ᠡᠳ᠋ ᠮᠠᠯ ᠢ᠋ ᠨᠢ ᠣᠯᠵᠠᠯᠠᠭᠠᠳ ᠪᠤᠴᠠᠪᠠ᠃ ᠵᠠᠯᠭᠠᠭᠠᠳ ᠪᠠᠰᠠ ᠴᠠᠬᠠᠷ ᠤ᠋ᠨ ᠬᠠᠷᠢᠶᠠᠲᠤ ᠠᠯᠠᠠᠠᠠᠴᠤᠳ ᠣᠲᠣᠭ ᠤ᠋ᠨ ᠳᠣᠷᠵᠢ ᠳ᠋ᠤ᠌ ᠳᠠᠷᠤᠯᠲᠠ ᠦᠵᠡᠭᠦᠯᠦᠭᠰᠡᠨ ᠡᠴᠡ ᠲᠡᠷᠡ ᠬᠠᠷᠢᠶᠠᠲᠤ ᠵᠠᠭᠤ ᠭᠠᠷᠤᠢ ᠡᠷᠦᠬᠡ ᠶ᠋ᠢᠨ ᠬᠠᠮᠲᠤ ᠤᠮᠠᠷᠠᠲᠤ ᠠᠯᠲᠠᠨ ᠤᠯᠤᠰ ᠲᠤ ᠳᠠᠭᠠᠵᠠᠢ᠃ 

               ᠬᠣᠶᠠᠷ᠂ ᠯᠢᠭᠳᠡᠨ ᠬᠠᠭᠠᠨ ᠢ᠋ ᠭᠤᠷᠪᠠ ᠤᠳᠠᠭ᠎ᠠ ᠳᠠᠢᠯᠠᠭᠰᠠᠨ ᠨᠢ   
       1626 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠤᠮᠠᠷᠠᠲᠤ ᠠᠯᠲᠠᠨ ᠤᠯᠤᠰ ᠤ᠋ᠨ ᠡᠵᠡᠨ ᠨᠠᠰᠤ ᠪᠠᠷᠠᠵᠤ᠂ ᠲᠡᠭᠦᠨ ᠦ᠌ ᠳᠥᠲᠥᠭᠡᠷ ᠬᠥᠪᠡᠭᠦᠨ ᠬᠣᠩ ᠲᠠᠢᠵᠢ ᠰᠠᠭᠤᠷᠢᠨ ᠢ᠋ ᠵᠠᠯᠭᠠᠮᠵᠢᠯᠠᠪᠠ᠃ ᠲᠡᠷᠡ ᠰᠠᠭᠤᠷᠢᠨ ᠳ᠋ᠤ᠌ ᠰᠠᠭᠤᠮᠠᠭᠴᠠ ᠮᠣᠩᠭᠣᠯ ᠤ᠋ᠨ ᠣᠯᠠᠨ ᠠᠢᠮᠠᠭ ᠤ᠋ᠳ ᠢ᠋ ᠡᠷᠬᠡᠰᠢᠶᠡᠯ ᠳ᠋ᠡᠭᠡᠨ ᠣᠷᠣᠭᠤᠯᠬᠤ ᠠᠯᠬᠤᠮ ᠢ᠋ᠶ᠋ᠠᠨ ᠲᠦᠷᠭᠡᠳᠬᠡᠵᠡᠢ᠃ 
        ᠬᠣᠩ ᠲᠠᠢᠵᠢ ᠬᠠᠲᠠᠭᠤ ᠵᠥᠭᠡᠯᠡᠨ ᠠᠷᠭ᠎ᠠ ᠶ᠋ᠢ ᠬᠣᠣᠰᠯᠠᠭᠤᠯᠤᠨ ᠬᠡᠷᠡᠭᠯᠡᠵᠦ᠂ ᠴᠠᠬᠠᠷ ᠤ᠋ᠨ ᠲᠣᠭᠣᠷᠢᠨ ᠳ᠋ᠠᠬᠢ ᠥᠪᠥᠷ ᠬᠠᠯᠬ᠎ᠠ ᠶ᠋ᠢᠨ ᠲᠠᠪᠤᠨ ᠣᠲᠣᠭ᠂ ᠬᠣᠷᠴᠢᠨ ᠵᠡᠷᠭᠡ ᠠᠢᠮᠠᠭ ᠤ᠋ᠳ ᠢ᠋ ᠲᠠᠲᠠᠵᠤ ᠡᠷᠬᠡᠰᠢᠶᠡᠯ ᠳ᠋ᠡᠭᠡᠨ ᠣᠷᠣᠭᠤᠯᠪᠠ᠃ ᠤᠤᠯ ᠤ᠋ᠨ ᠬᠦᠴᠦᠷᠬᠡᠭ ᠬᠡᠮᠡᠭᠳᠡᠵᠦ ᠪᠠᠢᠭᠰᠠᠨ ᠴᠠᠬᠠᠷ ᠤ᠋ᠨ ᠬᠦᠴᠦᠨ ᠨᠢ ᠶᠡᠬᠡᠯ᠎ᠡ ᠪᠠᠭᠤᠷᠠᠭᠰᠠᠨ ᠪᠣᠯᠬᠣᠷ᠂ ᠬᠣᠩ ᠲᠠᠢᠵᠢ ᠴᠡᠷᠢᠭ ᠦ᠋ᠨ ᠬᠦᠴᠦᠨ ᠦ᠌ ᠬᠤᠷᠴᠠ ᠢᠷ ᠢ᠋ᠶ᠋ᠡᠨ ᠴᠠᠬᠠᠷ ᠲᠤ ᠴᠢᠭᠯᠡᠭᠦᠯᠵᠡᠢ᠃  
       ᠠᠳᠬᠤᠨ ᠪᠣᠯᠤᠨ ᠨᠠᠢ᠍ᠮᠠᠨ ᠪᠣᠯ ᠴᠠᠬᠠᠷ ᠤ᠋ᠨ ᠨᠠᠢ᠍ᠮᠠᠨ ᠣᠲᠣᠭ ᠤ᠋ᠨ ᠪᠦᠷᠢᠯᠳᠦᠬᠦᠨ ᠦ᠌ ᠬᠤᠪᠢ ᠳ᠋ᠤ᠌ ᠨᠡᠯᠢᠶᠡᠳ ᠨᠥᠯᠥᠭᠡ ᠲᠡᠢ ᠪᠠᠢᠵᠠᠢ᠃ ᠨᠤᠷᠠᠭᠴᠢ ᠪᠣᠯᠤᠨ ᠲᠡᠭᠦᠨ ᠦ᠌ ᠵᠠᠯᠭᠠᠮᠵᠢᠯᠠᠭᠴᠢ ᠬᠣᠩ ᠲᠠᠢᠵᠢ ᠵᠦᠢᠯ ᠵᠢᠰᠦᠮ ᠦ᠋ᠨ ᠠᠷᠭ᠎ᠠ ᠶ᠋ᠢ ᠬᠡᠷᠡᠭᠯᠡᠵᠦ ᠠᠳᠬᠤᠨ᠂ ᠨᠠᠢ᠍ᠮᠠᠨ ᠣᠲᠣᠭ ᠲᠤ ᠨᠥᠯᠥᠭᠡ ᠪᠦᠬᠦᠢ ᠣᠮᠰᠠᠳ ᠴᠣᠷᠵᠢ ᠯᠠᠮᠠ ᠶ᠋ᠢ ᠠᠰᠢᠭᠯᠠᠵᠤ ᠨᠡᠯᠢᠶᠡᠳ ᠠᠵᠢᠯ ᠬᠢᠭᠰᠡᠨ ᠪᠠᠢᠨ᠎ᠠ[25]᠃1627 ᠣᠨ ᠤ᠋ ᠬᠣᠶᠠᠳᠤᠭᠠᠷ ᠰᠠᠷ᠎ᠠ ᠳ᠋ᠤ᠌᠂ ᠬᠣᠩ ᠲᠠᠢᠵᠢ ᠨᠠᠢ᠍ᠮᠠᠨ ᠠᠢᠮᠠᠭ ᠲᠤ ᠳᠠᠯᠳᠠᠭᠤᠷ ᠬᠥᠮᠦᠨ ᠵᠠᠷᠤᠵᠤ ᠭᠣᠨᠴᠣᠭ ᠲᠠᠢᠵᠢ ᠲᠠᠢ ᠬᠤᠤᠪᠢᠯᠳᠤᠨ ᠲᠡᠭᠦᠨ ᠢ᠋ᠶ᠋ᠡᠷ ᠳᠠᠮᠵᠢᠭᠤᠯᠤᠨ ᠠᠳᠬᠤᠨ ᠤ᠋ ᠳᠠᠷᠤᠭ᠎ᠠ ᠰᠤᠨᠤᠮ ᠳᠦᠭᠦᠷᠡᠩ ᠪᠣᠯᠤᠨ ᠬᠡᠰᠢᠭᠲᠡᠨ ᠦ᠌ ᠳᠠᠷᠤᠭ᠎ᠠ ᠰᠣᠨᠣᠮ ᠨᠣᠶᠠᠨ ᠳ᠋ᠤ᠌ ᠤᠮᠠᠷᠠᠲᠤ ᠠᠯᠲᠠᠨ ᠤᠯᠤᠰ ᠲᠤ ᠳᠠᠭᠠᠲᠤᠭᠠᠢ ᠭᠡᠪᠡ᠃ ᠳᠥᠷᠪᠡᠳᠦᠭᠡᠷ ᠰᠠᠷ᠎ᠠ ᠳ᠋ᠤᠨᠢ ᠠᠳᠬᠤᠨ ᠪᠠ ᠨᠠᠢ᠍ᠮᠠᠨ ᠤ᠋ ᠳᠠᠷᠤᠭ᠎ᠠ ᠨᠠᠷ ᠬᠥᠮᠦᠨ ᠵᠠᠷᠤᠵᠤ ᠯᠢᠭᠳᠡᠨ ᠬᠠᠭᠠᠨ ᠢ᠋ ᠢᠳᠬᠠᠵᠤ᠂ ᠤᠮᠠᠷᠠᠲᠤ ᠠᠯᠲᠠᠨ ᠤᠯᠤᠰ ᠲᠠᠢ ᠡᠶᠡᠳᠡᠭᠦᠯᠬᠦ ᠪᠡᠷ ᠴᠢᠷᠮᠠᠢᠵᠤ ᠪᠠᠢᠬᠤ ᠪᠠᠨ ᠢᠯᠡᠳᠬᠡᠪᠡ[26]᠃ ᠭᠡᠲᠡᠯ᠎ᠡ ᠲᠡᠳᠡᠨ ᠦ᠌ ᠴᠢᠷᠮᠠᠢᠯᠭ᠎ᠠ ᠶ᠋ᠢ ᠯᠢᠭᠳᠡᠨ ᠬᠠᠭᠠᠨ ᠪᠣᠯᠤᠨ ᠬᠡᠰᠢᠭᠲᠡᠨ ᠦ᠌ ᠳᠠᠷᠤᠭ᠎ᠠ ᠬᠦᠯᠢᠶᠡᠵᠦ ᠠᠪᠤᠭᠰᠠᠨ ᠦᠭᠡᠢ᠃ ᠵᠢᠷᠭᠤᠳᠤᠭᠠᠷ ᠰᠠᠷ᠎ᠠ ᠳ᠋ᠤᠨᠢ ᠠᠳᠬᠤᠨ᠂ ᠨᠠᠢ᠍ᠮᠠᠨ ᠤ᠋ ᠳᠠᠷᠤᠭ᠎ᠠ ᠨᠠᠷ ᠤᠮᠰᠠᠳ ᠴᠣᠷᠵᠢ ᠯᠠᠮᠠ ᠶ᠋ᠢ ᠢᠯᠡᠭᠡᠵᠦ ᠳᠠᠭᠠᠷ᠎ᠠ ᠢᠷᠡᠬᠦ ᠪᠡᠨ ᠮᠡᠳᠡᠭᠳᠡᠵᠡᠢ᠃  ᠬᠣᠩ ᠲᠠᠢᠵᠢ ᠲᠡᠭᠦᠨ ᠦ᠌ ᠣᠯᠠᠨ ᠪᠡᠢᠯᠡ ᠨᠠᠷ ᠢ᠋ ᠳᠠᠢᠴᠢᠯᠠᠵᠤ᠂ ᠲᠤᠷᠪᠢ ᠬᠣᠲᠠ(ᠴᠢᠩ ᠤᠯᠤᠰ ᠤ᠋ᠨ  ᠶᠠᠩᠰᠢᠪᠠ ᠶ᠋ᠢᠨ ᠰᠦᠷᠦᠭ ᠦ᠋ᠨ ᠭᠠᠵᠠᠷ ᠪᠠᠢᠭᠰᠠᠨ) ᠠ᠋ᠴᠠ ᠯᠢᠶᠣᠣ ᠾᠧ ᠶ᠋ᠢ ᠭᠠᠲᠤᠯᠤᠨ ᠠᠳᠬᠠᠨ᠂ ᠨᠠᠢ᠍ᠮᠠᠨ ᠤ᠋ ᠳᠠᠷᠤᠭ᠎ᠠ ᠶ᠋ᠢ ᠪᠡᠶ᠎ᠡ ᠪᠡᠷ ᠤᠭᠲᠤᠵᠤ ᠶᠡᠬᠡ ᠬᠤᠷᠢᠮ ᠳᠠᠢᠯᠠᠯᠭ᠎ᠠ ᠬᠢᠪᠡ᠃  1627 ᠣᠨ ᠤ᠋ ᠠᠷᠪᠠᠨ ᠬᠣᠶᠠᠳᠤᠭᠠᠷ ᠰᠠᠷ᠎ᠠ ᠳ᠋ᠤ᠌᠂ ᠴᠠᠬᠠᠷ ᠤ᠋ᠨ ᠠᠯᠠᠭᠴᠤᠳ ᠣᠲᠣᠭ ᠤ᠋ᠨ ᠳᠠᠷᠤᠭ᠎ᠠ ᠳᠣᠷᠵᠢ ᠢᠯᠲᠠᠩ ᠵᠢᠴᠢ ᠠᠮᠪᠠᠨ ᠬᠣᠰᠢᠭᠤᠴᠢ᠂ ᠬᠡᠦᠬᠡᠨ ᠪᠠᠭᠠᠲᠤᠷ᠂ ᠠᠩᠭᠤᠨ ᠳᠦᠭᠦᠷᠡᠩ ᠵᠡᠷᠭᠡ ᠲᠠᠢᠵᠢ ᠨᠠᠷ ᠥᠪᠡᠷ ᠥᠪᠡᠷ ᠦ᠋ᠨ ᠬᠠᠷᠢᠶᠠᠲᠤ ᠪᠠᠨ ᠳᠠᠭᠠᠭᠤᠯᠤᠨ᠂ ᠤᠷᠢᠳ ᠬᠣᠵᠢᠳ ᠬᠣᠩ ᠲᠠᠢᠵᠢ ᠳ᠋ᠤ᠌ ᠳᠠᠭᠠᠷ᠎ᠠ ᠢᠷᠡᠪᠡ᠃ 
       ᠡᠨᠡᠬᠦ ᠬᠤᠭᠤᠴᠠᠭᠠᠨ ᠳ᠋ᠤ᠌ ᠬᠠᠷᠠᠴᠢᠨ ᠠᠢᠮᠠᠭ ᠤ᠋ᠨ ᠭᠠᠵᠠᠷ ᠲᠤ᠌ ᠬᠣᠩ ᠲᠠᠢᠵᠢ ᠬᠡᠳᠦᠨᠲᠡ ᠬᠥᠮᠦᠨ ᠢᠯᠡᠭᠡᠵᠦ ᠤᠬᠠᠭᠤᠯᠤᠨ ᠬᠥᠳᠡᠯᠭᠡᠬᠦ ᠪᠡᠷ ᠣᠷᠣᠯᠳᠣᠬᠤ ᠳ᠋ᠤ᠌ ᠴᠠᠬᠠᠷ ᠤ᠋ᠨ ᠬᠠᠷᠢᠶᠠᠲᠤ ᠳᠣᠯᠣᠳ ᠣᠲᠣᠭ ᠤ᠋ᠨ ᠬᠥᠮᠦᠨ ᠲᠡᠭᠦᠨ ᠦ᠌ ᠡᠯᠴᠢ ᠶ᠋ᠢ ᠵᠠᠮ ᠠ᠋ᠴᠠ ᠨᠢ ᠪᠠᠷᠢᠵᠤ ᠠᠯᠠᠵᠠᠢ᠃  1628 ᠣᠨ ᠤ᠋ ᠬᠣᠶᠠᠳᠤᠭᠠᠷ ᠰᠠᠷ᠎ᠠ ᠳ᠋ᠤ᠌᠂ ᠡᠯᠴᠢ ᠶ᠋ᠢ ᠨᠢ ᠠᠯᠠᠭᠰᠠᠨ ᠢ᠋ᠶ᠋ᠠᠷ ᠰᠢᠯᠲᠠᠭ ᠪᠣᠯᠭᠠᠵᠤ ᠂ ᠬᠣᠩ ᠲᠠᠢᠵᠢ ᠥᠪᠡᠷ ᠦ᠋ᠨ ᠪᠡᠶ᠎ᠡ ᠪᠡᠷ ᠢ᠋ᠶ᠋ᠡᠨ ᠴᠠᠬᠠᠷ ᠢ᠋ ᠳᠠᠢᠯᠠᠬᠤ ᠪᠠᠷ ᠭᠠᠷᠪᠠ᠃ ᠬᠣᠩ ᠲᠠᠢᠵᠢ ᠲᠡᠭᠦᠨ ᠦ᠌ ᠳᠡᠭᠦᠦ ᠳ᠋ᠦᠷᠭᠦᠨ ᠪᠣᠯᠤᠨ ᠲᠣᠳᠣ ᠪᠠᠷ ᠬᠣᠰᠢᠭᠤᠴᠢ ᠪᠣᠯᠭᠠᠵᠤ᠂ ᠰᠢᠯᠢᠳᠡᠭ ᠴᠡᠷᠢᠭ ᠳᠠᠢᠴᠢᠯᠠᠨ ᠴᠠᠬᠠᠷ ᠤ᠋ᠨ ᠭᠠᠵᠠᠷ ᠴᠥᠮᠥᠷᠡᠨ ᠣᠷᠣᠯ᠎ᠠ᠃  ᠣᠤ ᠮᠥᠷᠡᠨ ᠦ᠌ ᠭᠠᠵᠠᠷ ᠲᠤ᠌ ᠳᠣᠯᠣᠳ ᠤ᠋ᠨ ᠴᠢᠩ ᠪᠠᠭᠠᠲᠤᠷ ᠰᠡᠷᠡᠩ ᠵᠢᠴᠢ ᠬᠠᠷᠢᠶᠠᠲᠤ ᠨᠢ ᠪᠣᠢ  ᠭᠡᠮᠡᠨ ᠳ᠋ᠦᠷᠭᠦᠨ ᠲᠡᠩᠨᠡᠵᠦ ᠮᠡᠳᠡᠭᠡᠳ ᠴᠡᠷᠢᠭ ᠢ᠋ᠶ᠋ᠡᠨ ᠲᠥᠪᠯᠡᠷᠡᠭᠦᠯᠦᠨ ᠣᠣ ᠮᠥᠷᠡᠨ ᠵᠦᠭ ᠳᠠᠭᠠᠷᠢᠪᠠ᠃ ᠲᠡᠭᠡᠭᠡᠳ ᠳᠣᠯᠣᠳ ᠤ᠋ᠨ ᠳᠣᠷᠵᠢ ᠬᠠᠳᠠᠨ ᠪᠠᠭᠠᠲᠤᠷ ᠰᠢᠷᠬᠠᠲᠤᠨ ᠳᠤᠲᠠᠭᠠᠵᠤ᠂ ᠲᠠᠢᠵᠢ ᠬᠦᠷᠦ ᠠᠯᠠᠭᠳᠠᠵᠤ᠂ ᠬᠠᠷᠢᠶᠠᠲᠤ ᠲᠦᠮᠡ ᠭᠠᠷᠤᠢ ᠬᠥᠮᠦᠨ ᠨᠢ ᠬᠣᠩ ᠲᠠᠢᠵᠢ ᠳ᠋ᠤ᠌ ᠣᠯᠵᠠᠯᠠᠭᠳᠠᠵᠠᠢ [27]᠃   
       ᠬᠣᠩ ᠲᠠᠢᠵᠢ ᠠ᠋ᠴᠠ ᠬᠠᠷᠠᠴᠢᠨ ᠲᠠᠢ  ᠶᠠᠪᠤᠯᠴᠠᠬᠤ ᠶ᠋ᠢᠨ ᠤᠴᠢᠷ ᠲᠤ᠌ ᠳᠣᠯᠣᠳ ᠤ᠋ᠨ ᠲᠠᠢᠵᠢ ᠨᠠᠷ ᠢ᠋ ᠠᠯᠠᠭᠰᠠᠨ ᠨᠢ ᠯᠢᠭᠳᠡᠨ ᠬᠠᠭᠠᠨ ᠢ᠋ ᠮᠠᠰᠢ ᠠᠭᠤᠷᠯᠠᠭᠤᠯᠵᠠᠢ᠃ ᠲᠡᠭᠦᠨᠴᠡ ᠯᠢᠭᠳᠡᠨ ᠬᠠᠭᠠᠨ ᠴᠡᠷᠢᠭ ᠬᠥᠳᠡᠯᠭᠡᠵᠦ ᠬᠠᠷᠠᠴᠢᠨ ᠤ᠋ ᠭᠠᠵᠠᠷ ᠲᠤ᠌ ᠬᠦᠷᠦᠭᠡᠳ᠂ ᠬᠦᠴᠦ ᠪᠡᠷ ᠬᠠᠷᠠᠴᠢᠨ ᠠᠢᠮᠠᠭ ᠤ᠋ᠨ  ᠰᠣᠪᠤᠭᠤᠳᠠᠢ ᠳᠣᠪᠤᠨᠠᠩ ᠵᠢᠴᠢ ᠳᠡᠭᠦᠦ ᠸᠠᠨᠳᠠᠨ ᠦᠢᠵᠡᠩ ᠦ᠋ᠨ ᠬᠠᠷᠢᠶᠠᠲᠤ ᠪᠠ ᠮᠠᠯ ᠠᠳᠤᠭᠤ ᠶ᠋ᠢ ᠨᠢ ᠬᠤᠷᠢᠶᠠᠮᠵᠢᠯᠠᠨ ᠠᠪᠠᠴᠢᠪᠠ [28] ᠃ 
       ᠬᠠᠷᠠᠴᠢᠨ ᠤ᠋ ᠯᠠᠰᠬᠢᠪ ᠬᠠᠨ ᠠᠭᠤᠷᠯᠠᠬᠤ ᠳ᠋ᠠᠭᠠᠨ ᠲᠦᠮᠡᠳ᠂ ᠣᠷᠣᠰ᠂  ᠠᠰᠤᠳ᠂ ᠶᠦᠩᠰᠢᠶᠡᠪᠦ ᠶ᠋ᠢᠨ ᠵᠠᠷᠢᠮ ᠲᠠᠢᠵᠢ ᠨᠠᠷ ᠲᠠᠢ ᠬᠣᠯᠪᠣᠭᠠᠯᠠᠨ ᠵᠣᠣ ᠴᠧᠩ ᠬᠣᠲᠠ ᠳ᠋ᠤ᠌ ᠳᠠᠷᠤᠩᠭᠤᠢᠯᠠᠨ ᠰᠠᠭᠤᠬᠤ ᠯᠢᠭᠳᠡᠨ ᠬᠠᠭᠠᠨ ᠤ᠋ ᠨᠢᠭᠡᠨ ᠰᠠᠯᠠᠭ᠎ᠠ ᠴᠡᠷᠢᠭ ᠢ᠋ ᠳᠠᠢᠯᠠᠵᠠᠢ [29]᠃  1628 ᠣᠨ ᠤ᠋ ᠳᠣᠯᠣᠳᠤᠭᠠᠷ ᠰᠠᠷ᠎ᠠ ᠳ᠋ᠤ᠌ ᠬᠠᠷᠠᠴᠢᠨ ᠠᠢᠮᠠᠭ ᠤ᠋ᠨ ᠬᠢᠨ ᠳᠥᠷᠪᠡᠨ ᠯᠠᠮᠠ ᠪᠠᠷ ᠲᠡᠷᠢᠭᠦᠯᠡᠭᠰᠡᠨ ᠡᠯᠴᠢ ᠶ᠋ᠢᠨ ᠪᠦᠯᠬᠦᠮ ᠢ᠋ ᠢᠷᠡᠭᠦᠯᠵᠦ᠂ ᠴᠠᠭᠠᠨ ᠮᠣᠷᠢ ᠬᠠᠷ᠎ᠠ ᠦᠬᠡᠷ ᠠᠯᠠᠵᠤ ᠲᠠᠩᠭᠠᠷᠢᠭᠯᠠᠨ ᠬᠣᠩ ᠲᠠᠢᠵᠢ ᠳ᠋ᠤ᠌ ᠳᠠᠭᠠᠭᠰᠠᠨ ᠪᠢᠯᠡ᠃  
       ᠡᠨᠡᠬᠦ ᠲᠠᠰᠢᠷᠠᠮ ᠢ᠋ ᠳᠠᠯᠢᠮᠳᠠᠭᠤᠯᠵᠤ᠂ ᠴᠠᠬᠠᠷ ᠢ᠋ ᠬᠣᠶᠠᠳᠠᠬᠢ ᠤᠳᠠᠭ᠎ᠠ ᠳᠠᠢᠯᠠᠬᠤ ᠭᠡᠮᠡᠨ ᠬᠣᠩ ᠲᠠᠢᠵᠢ ᠰᠢᠢᠳᠴᠡᠢ᠃  1628 ᠣᠨ ᠤ᠋ ᠶᠢᠰᠦᠳᠦᠭᠡᠷ ᠰᠠᠷ᠎ᠠ ᠳ᠋ᠤ᠌᠂ ᠪᠠᠭᠰᠢ ᠪᠣᠯᠤᠨ ᠰᠢᠹᠦ᠋ ᠨᠠᠷ ᠬᠣᠩ ᠲᠠᠢᠵᠢ ᠶ᠋ᠢᠨ ᠵᠠᠷᠯᠢᠭ ᠢ᠋ᠶ᠋ᠠᠷ ᠨᠢᠭᠡᠨᠲᠡ ᠳᠠᠭᠠᠭᠰᠠᠨ ᠮᠣᠩᠭᠣᠯ ᠤ᠋ᠨ ᠣᠯᠠᠨ ᠠᠢᠮᠠᠭ ᠤ᠋ᠨ ᠲᠠᠢᠵᠢ ᠨᠠᠷ ᠢ᠋ ᠴᠡᠷᠢᠭ ᠮᠣᠷᠢ ᠪᠠᠨ ᠳᠠᠢᠴᠢᠯᠠᠵᠤ᠂ ᠲᠣᠭᠲᠠᠭᠰᠠᠨ ᠭᠠᠵᠠᠷ ᠲᠤ᠌ ᠴᠤᠭᠯᠠᠷᠠᠭᠲᠤᠨ ᠭᠡᠮᠡᠨ ᠵᠠᠬᠢᠶ᠎ᠠ ᠤᠯᠠᠮᠵᠢᠯᠠᠵᠠᠢ᠃   ᠠᠤᠬᠠᠨ ᠤ᠋ ᠳᠠᠷᠤᠭ᠎ᠠ ᠰᠣᠨᠣᠮ ᠳᠦᠭᠦᠷᠡᠩ᠂  ᠨᠠᠢ᠍ᠮᠠᠨ ᠤ᠋ ᠳᠠᠷᠤᠭ᠎ᠠ ᠭᠣᠨᠴᠣᠭ ᠪᠠᠭᠠᠲᠤᠷ ᠨᠠᠷ ᠲᠤᠷᠪᠢ  ᠬᠣᠲᠤᠨ᠎ᠠ ᠴᠤᠭᠯᠠᠪᠠ᠃  ᠥᠪᠥᠷ ᠬᠠᠯᠬ᠎ᠠ ᠶ᠋ᠢᠨ ᠣᠯᠠᠨ ᠲᠠᠢᠵᠢ ᠨᠠᠷ ᠯᠢᠶᠣᠣ ᠶᠠᠩ ᠬᠣᠲᠠᠨ᠎ᠠ ᠴᠤᠭᠯᠠᠵᠤ᠂ ᠬᠠᠷᠠᠴᠢᠨ ᠪᠣᠯᠤᠨ ᠬᠣᠷᠴᠢᠨ ᠠᠢᠮᠠᠭ ᠤ᠋ᠨ ᠬᠢᠨ ᠪᠠᠰᠠ ᠪᠣᠯᠵᠣᠭᠰᠠᠨ ᠭᠠᠵᠠᠷ ᠲᠤ᠌ ᠬᠦᠷᠴᠦ ᠣᠴᠢᠵᠠᠢ᠃ ᠬᠣᠩ ᠲᠠᠢᠵᠢ ᠥᠪᠡᠷ ᠦ᠋ᠨ ᠪᠡᠶ᠎ᠡ ᠪᠡᠷ ᠶᠡᠬᠡ ᠴᠡᠷᠢᠭ ᠳᠠᠢᠴᠢᠯᠠᠨ ᠂ ᠰᠥᠨᠢ ᠳᠦᠯᠢ ᠪᠡᠷ ᠴᠠᠬᠠᠷ ᠤ᠋ᠨ ᠰᠢᠷᠬ᠎ᠠ ᠰᠢᠪᠡᠭᠡᠲᠦ᠂ ᠶᠢᠩᠳᠠᠩᠳᠦ ᠬᠡᠮᠡᠬᠦ ᠭᠠᠵᠠᠷ ᠲᠤ᠌ ᠴᠣᠬᠢᠨ ᠣᠷᠤᠭᠤᠨ᠂ ᠦᠯᠡᠮᠵᠢ ᠲᠣᠭᠠᠨ ᠤ᠋ ᠬᠥᠮᠦᠨ ᠮᠠᠯ ᠢ᠋ ᠨᠢ ᠣᠯᠵᠠᠯᠠᠭᠠᠳ ᠪᠤᠴᠠᠵᠠᠢ᠃ ᠬᠣᠷᠴᠢᠨ ᠤ᠋ ᠲᠠᠢᠵᠢ ᠮᠠᠨᠵᠤᠰᠢᠷᠢ ᠪᠣᠯᠤᠨ ᠪᠠᠳᠤᠨ(ᠬᠣᠩᠭᠣᠷ ᠤ᠋ᠨ ᠬᠥᠪᠡᠭᠦᠨ) ᠬᠦᠴᠦᠯᠡᠨ ᠪᠠᠢᠯᠳᠤᠵᠤ ᠣᠯᠵᠠᠯᠠᠭᠰᠠᠨ ᠶᠠᠭᠤᠮ᠎ᠠ ᠪᠠᠨ ᠬᠣᠩ ᠲᠠᠢᠵᠢ ᠳ᠋ᠤ᠌ ᠡᠷᠭᠦᠭᠰᠡᠨ᠎ᠡ᠂ ᠲᠡᠷᠡ ᠬᠣᠶᠠᠭᠤᠯᠠ ᠳ᠋ᠤ᠌ ᠳᠠᠷᠬᠠᠨ ᠪᠠᠭᠠᠲᠤᠷ ᠪᠣᠯᠤᠨ ᠳᠠᠷᠬᠠᠨ ᠵᠣᠷᠢᠭᠲᠤ ᠴᠣᠯᠠ ᠬᠠᠢᠷᠠᠯᠠᠨ ᠪᠤᠴᠠᠭᠠᠪᠠ᠃ ᠭᠠᠭᠴᠠ ᠬᠦ ᠬᠣᠷᠴᠢᠨ ᠤ᠋ ᠳᠠᠷᠤᠭ᠎ᠠ ᠣᠤᠪᠠ ᠴᠠᠬᠠᠷ ᠤ᠋ᠨ ᠯᠢᠭᠳᠡᠨ ᠬᠠᠭᠠᠨ ᠪᠣᠯᠤᠨ ᠲᠡᠭᠦᠨ ᠦ᠌ ᠬᠠᠷᠢᠶᠠᠲᠤ ᠶ᠋ᠢ ᠨᠢ ᠠᠯᠠᠵᠤ ᠤᠤᠯᠠᠭᠠᠯᠠᠬᠤ ᠠ᠋ᠴᠠ ᠲᠦᠪᠡᠭᠰᠢᠶᠡᠵᠦ᠂ ᠬᠥᠯ ᠡᠪᠡᠳᠬᠦ ᠡᠪᠡᠳᠴᠢᠨ ᠲᠡᠢ ᠭᠡᠮᠡᠨ ᠰᠢᠯᠲᠠᠭᠠᠯᠠᠵᠤ ᠪᠣᠯᠵᠣᠭᠰᠠᠨ ᠭᠠᠵᠠᠷ ᠲᠤ᠌ ᠬᠦᠷᠦᠭᠰᠡᠨ ᠦᠭᠡᠢ᠃ ᠬᠠᠷᠢᠨ ᠲᠡᠭᠦᠨ ᠦ᠌ ᠳᠡᠭᠦᠦ ᠪᠤᠲᠠᠴᠢ ᠶ᠋ᠢᠨ ᠬᠠᠮᠲᠤ ᠴᠠᠬᠠᠷ ᠤ᠋ᠨ ᠬᠢᠵᠠᠭᠠᠷ ᠲᠤ᠌ ᠬᠦᠷᠦᠭᠡᠳ ᠨᠢᠭᠡᠨ ᠵᠡᠷᠭᠡ ᠬᠣᠭᠣᠰᠣᠨ ᠰᠦᠷ ᠮᠠᠨᠳᠤᠭᠤᠯᠤᠭᠠᠳ ᠭᠡᠳᠡᠷᠭᠦ ᠪᠤᠴᠠᠪᠠ᠃ ᠬᠣᠩ ᠲᠠᠢᠵᠢ ᠮᠡᠳᠡᠭᠡᠳ ᠶᠠᠯ᠎ᠠ ᠠᠰᠠᠭᠤᠵᠤ ᠠᠷᠪᠠᠨ ᠲᠡᠮᠡᠭᠡ᠂  ᠵᠠᠭᠤᠨ ᠮᠣᠷᠢ ᠪᠠᠷ ᠲᠣᠷᠭᠠᠪᠠ [30]᠃  
       1630 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂ᠠᠷᠤ ᠬᠣᠷᠴᠢᠨ ᠠᠢᠮᠠᠭ ᠤ᠋ᠨ ᠳᠠᠷᠤᠭ᠎ᠠ ᠳᠠᠯᠠᠢ ᠴᠥᠬᠦᠷ᠂ ᠳᠥᠷᠪᠡᠨ ᠬᠡᠦᠬᠡᠳ ᠦ᠋ᠨ ᠠᠢᠮᠠᠭ ᠤ᠋ᠨ ᠢᠷᠵᠠᠪ ᠮᠡᠷᠭᠡᠨ ᠲᠠᠢᠵᠢ᠂ ᠠᠷᠤ ᠢᠰᠦᠳ ᠠᠢᠮᠠᠭ ᠤ᠋ᠨ ᠲᠠᠢᠵᠢ ᠴᠢᠰᠠᠩ ᠳᠠᠷᠬᠠᠨ᠂ ᠭᠠᠷᠮ᠎ᠠ ᠢᠯᠲᠠᠩ ᠨᠠᠷ ᠲᠤᠰ ᠲᠤᠰ ᠤ᠋ᠨ ᠬᠠᠷᠢᠶᠠᠲᠤ ᠪᠠᠨ ᠳᠠᠢᠴᠢᠯᠠᠵᠤ᠂ ᠬᠣᠩ ᠲᠠᠢᠵᠢ ᠶ᠋ᠢᠨ ᠳ᠋ᠦ᠍ ᠢᠷᠡᠵᠦ ᠳᠠᠭᠠᠪᠠ᠃  ᠬᠣᠩ ᠲᠠᠢᠵᠢ ᠠ᠋ᠴᠠ ᠲᠡᠳᠡᠨ ᠢ᠋ ᠰᠢᠷ᠎ᠠ ᠮᠥᠷᠡᠨ ᠦ᠌ ᠬᠣᠢᠲᠤ ᠡᠷᠭᠢ ᠳ᠋ᠦ᠍ ᠲᠣᠬᠢᠷᠠᠭᠤᠯᠵᠠᠢ᠃  1631 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂ ᠠᠷᠤ ᠶ᠋ᠢᠨ ᠣᠯᠠᠨ ᠠᠢᠮᠠᠭ ᠢ᠋ ᠬᠦᠴᠦ ᠪᠡᠷ ᠬᠣᠷᠢᠶᠠᠨ ᠠᠪᠬᠤ  ᠭᠡᠮᠡᠨ  ᠯᠢᠭᠳᠡᠨ ᠬᠠᠭᠠᠨ ᠴᠡᠷᠢᠭ ᠬᠥᠳᠡᠯᠭᠡᠵᠦ᠂ ᠠᠷᠤ ᠬᠣᠷᠴᠢᠨ ᠤ᠋ ᠳᠠᠯᠠᠢ ᠴᠥᠬᠦᠷ ᠦ᠋ᠨ ᠮᠠᠯᠵᠢᠬᠤ ᠭᠠᠵᠠᠷ ᠲᠤ᠌ ᠢᠷᠡᠭᠡᠳ᠂ ᠰᠡᠷᠡᠩ ᠠᠪᠤᠭᠠᠢ ᠲᠠᠢᠵᠢ ᠶ᠋ᠢᠨ ᠬᠠᠷᠢᠶᠠᠲᠤ ᠶ᠋ᠢ ᠬᠤᠷᠢᠶᠠᠮᠵᠢᠯᠠᠨ [31]  ᠶᠠᠪᠤᠵᠠᠢ᠃ ᠬᠣᠩ ᠲᠠᠢᠵᠢ ᠮᠡᠳᠡᠭᠡᠳ ᠬᠣᠶᠠᠷ ᠮᠢᠩᠭᠠᠨ ᠴᠢᠭᠢᠷᠠᠭ ᠴᠡᠷᠢᠭ ᠳᠠᠢᠴᠢᠯᠠᠨ ᠬᠦᠷᠴᠦ ᠢᠷᠡᠭᠰᠡᠨ ᠳ᠋ᠦ᠍ ᠯᠢᠭᠳᠡᠨ ᠬᠠᠭᠠᠨ ᠨᠢᠭᠡᠨᠲᠡ ᠥᠪᠥᠷ ᠬᠢᠩᠭᠠᠨ ᠢ᠋ ᠳᠠᠪᠠᠵᠤ ᠴᠢᠨᠠᠭᠰᠢ ᠣᠷᠣᠪᠠ᠃  
       1632 ᠣᠨ ᠤ᠋ ᠭᠤᠷᠪᠠᠳᠤᠭᠠᠷ ᠰᠠᠷ᠎ᠠ ᠳ᠋ᠤ᠌᠂ ᠴᠠᠬᠠᠷ ᠤ᠋ᠨ ᠯᠢᠭᠳᠡᠨ ᠬᠠᠭᠠᠨ ᠢ᠋ ᠳᠠᠢᠯᠠᠬᠤ ᠭᠡᠮᠡᠨ ᠬᠣᠩ ᠲᠠᠢᠵᠢ ᠭᠤᠷᠪᠠᠳᠠᠬᠢ ᠤᠳᠠᠭ᠎ᠠ ᠴᠡᠷᠢᠭ ᠬᠥᠳᠡᠯᠭᠡᠵᠡᠢ᠃ ᠳᠥᠷᠪᠡᠳᠦᠭᠡᠷ ᠰᠠᠷ᠎ᠠ ᠳ᠋ᠤ᠌᠂ ᠬᠣᠷᠴᠢᠨ᠂ ᠵᠠᠷᠤᠳ᠂ ᠪᠠᠭᠠᠷᠢᠨ᠂ ᠠᠤᠬᠠᠨ᠂ ᠨᠠᠢ᠍ᠮᠠᠨ᠂ ᠬᠠᠷᠠᠴᠢᠨ᠂ ᠲᠦᠮᠡᠳ᠂ ᠠᠷᠤ ᠬᠣᠷᠴᠢᠨ᠂ ᠣᠩᠨᠢᠭᠤᠳ᠂ ᠠᠰᠤᠳ᠂ ᠢᠰᠦᠳ ᠵᠡᠷᠭᠡ ᠠᠢᠮᠠᠭ ᠤ᠋ᠨ ᠬᠠᠨ ᠲᠠᠢᠵᠢ ᠨᠠᠷ ᠵᠠᠷᠯᠢᠭ ᠢ᠋ᠶ᠋ᠠᠷ ᠬᠠᠷᠢᠶᠠᠲᠤ ᠴᠡᠷᠢᠭ ᠢ᠋ᠶ᠋ᠡᠨ ᠳᠠᠢᠴᠢᠯᠠᠨ ᠰᠢᠷ᠎ᠠ ᠮᠥᠷᠡᠨ ᠦ᠌ ᠳᠡᠨᠵᠢᠨ ᠳ᠋ᠦ᠍ ᠴᠤᠭᠯᠠᠷᠠᠭᠰᠠᠨ ᠳ᠋ᠤ᠌ ᠶᠡᠷᠦᠩᠬᠡᠢ ᠴᠡᠷᠢᠭ ᠦ᠋ᠨ ᠬᠦᠴᠦᠨ ᠠᠷᠪᠠᠨ ᠲᠦᠮᠡ ᠣᠷᠴᠢᠮ ᠪᠣᠯᠪᠠ᠃ ᠳᠥᠷᠪᠡᠳᠦᠭᠡᠷ ᠰᠠᠷ᠎ᠠ ᠶ᠋ᠢᠨ ᠡᠴᠦᠰ ᠢ᠋ᠶ᠋ᠡᠷ ᠬᠤᠸᠠᠩ ᠲᠠᠢᠵᠢ ᠶᠡᠬᠡ ᠴᠡᠷᠢᠭ ᠢ᠋ ᠳᠠᠢᠴᠢᠯᠠᠨ᠂ ᠥᠪᠥᠷ ᠬᠢᠩᠭᠠᠨ ᠢ᠋ ᠳᠠᠪᠠᠵᠤ ᠲᠥᠷᠥ ᠭᠣᠣᠯ ᠳ᠋ᠤ᠌ ᠪᠠᠭᠤᠴᠠ ᠠᠪᠴᠠᠢ᠃  ᠮᠥᠨ ᠰᠥᠨᠢ ᠳ᠋ᠦ᠍ᠨᠢ᠂ ᠬᠥᠪᠡᠭᠡᠲᠦ ᠰᠢᠷ᠎ᠠ ᠬᠤᠰᠢᠭᠤᠨ ᠤ᠋ ᠬᠣᠶᠠᠷ ᠬᠥᠮᠦᠨ ᠵᠢᠷᠭᠤᠭᠠᠨ ᠮᠣᠷᠢ ᠬᠤᠯᠠᠭᠠᠢᠯᠠᠨ ᠤᠨᠤᠵᠤ᠂ ᠶᠡᠬᠡ ᠴᠡᠷᠢᠭ ᠬᠢᠯᠢ ᠳᠠᠪᠠᠵᠤ ᠢᠷᠡᠭᠰᠡᠨ ᠮᠡᠳᠡᠭᠡ ᠶ᠋ᠢ ᠯᠢᠭᠳᠡᠨ ᠬᠠᠭᠠᠨ ᠳ᠋ᠤ᠌ ᠮᠡᠳᠡᠭᠦᠯᠵᠡᠢ᠃ ᠯᠢᠭᠳᠡᠨ ᠬᠠᠭᠠᠨ ᠪᠠᠴᠢᠮᠳᠠᠵᠤ᠂ ᠬᠠᠷᠢᠶᠠᠲᠤ ᠪᠠᠨ ᠠᠪᠴᠤ ᠭᠣᠪᠢ ᠶ᠋ᠢᠨ ᠠᠷᠤ ᠳ᠋ᠤ᠌ ᠤᠬᠤᠷᠢᠨ ᠣᠴᠢᠰᠤᠭᠠᠢ ᠬᠡᠮᠡᠬᠦ ᠳ᠋ᠦ᠍ ᠬᠠᠯᠬ᠎ᠠ ᠶ᠋ᠢᠨ ᠭᠤᠷᠪᠠᠨ ᠬᠠᠨ ᠲᠡᠭᠦᠨ ᠲᠡᠢ ᠵᠣᠬᠢᠰ ᠦᠭᠡᠢ ᠲᠤᠯᠠ ᠠᠷᠭ᠎ᠠ ᠪᠤᠰᠤ ᠠᠷᠪᠠᠨ ᠲᠦᠮᠡᠨ ᠦ᠌ ᠣᠯᠠᠨ ᠢ᠋ᠶ᠋ᠠᠨ ᠳᠠᠢᠴᠢᠯᠠᠵᠤ᠂ ᠪᠠᠷᠠᠭᠤᠨᠰᠢ ᠬᠥᠬᠡ ᠳᠠᠷᠠᠰᠤ ᠶ᠋ᠢ ᠴᠢᠭᠯᠡᠨ ᠤᠬᠤᠷᠢᠵᠠᠢ᠃  ᠲᠡᠨᠳᠡ ᠡᠴᠡ ᠬᠥᠬᠡᠬᠣᠲᠠ ᠶ᠋ᠢ ᠳᠡᠮᠵᠢᠵᠦ ᠬᠠᠲᠤᠨ ᠭᠣᠣᠯ ᠢ᠋ ᠭᠠᠲᠤᠯᠤᠨ ᠣᠷᠳᠣᠰ ᠤ᠋ᠨ ᠭᠠᠵᠠᠷ ᠢᠷᠡᠭᠡᠳ᠂ ᠲᠡᠨᠳᠡᠬᠢ ᠵᠢᠨᠦᠩ ᠲᠠᠢᠵᠢ ᠨᠠᠷ ᠲᠤ᠌ ᠬᠠᠯᠠᠭᠤᠨ ᠢ᠋ᠶ᠋ᠠᠷ ᠤᠭᠲᠤᠭᠳᠠᠪᠠ᠃ ᠲᠡᠷᠡ ᠵᠠᠭᠤᠷ᠎ᠠ ᠤᠮᠠᠷᠠᠲᠤ ᠠᠯᠲᠠᠨ ᠤᠯᠤᠰ ᠤ᠋ᠨ ᠡᠵᠡᠨ  ᠬᠣᠩ ᠲᠠᠢᠵᠢ ᠭᠤᠷᠪᠠᠨ ᠵᠠᠮ ᠤ᠋ᠨ ᠴᠡᠷᠢᠭ ᠢ᠋ᠶ᠋ᠡᠷ ᠯᠢᠭᠳᠡᠨ ᠢ᠋ ᠳᠥᠴᠢᠨ ᠨᠢᠭᠡᠨ ᠡᠳᠦᠷ ᠮᠥᠷᠳᠡᠨ ᠨᠡᠬᠡᠮᠵᠢᠯᠡᠵᠦ ᠲᠠᠪᠤᠳᠤᠭᠠᠷ ᠰᠠᠷ᠎ᠠ ᠶ᠋ᠢᠨ ᠰᠡᠭᠦᠯᠴᠢ ᠪᠡᠷ ᠬᠥᠬᠡᠬᠣᠲᠠᠨ ᠳ᠋ᠤ᠌ ᠢᠷᠡᠵᠦ ᠪᠠᠭᠤᠵᠠᠢ᠃ ᠡᠨᠳᠡ ᠡᠴᠡ ᠯᠢᠭᠳᠡᠨ ᠢ᠋ ᠬᠠᠲᠤᠨ ᠭᠣᠣᠯ ᠭᠠᠲᠤᠯᠤᠨ ᠶᠠᠪᠤᠭᠰᠠᠨ ᠢ᠋ ᠮᠡᠳᠡᠭᠡᠳ ᠨᠡᠬᠡᠮᠵᠢᠯᠡᠬᠦ ᠪᠡᠨ ᠪᠣᠯᠢᠪᠠ᠃ ᠬᠣᠩ ᠲᠠᠢᠵᠢ ᠬᠥᠬᠡᠬᠣᠲᠠ ᠠ᠋ᠴᠠ ᠭᠡᠳᠡᠷᠭᠦ ᠡᠷᠭᠢᠵᠦ ᠰᠢᠦᠸᠠᠨ ᠹᠦ᠂ ᠴᠢᠭᠤᠯᠤᠯᠲᠤ ᠬᠠᠭᠠᠯᠭ᠎ᠠ ᠪᠠᠷ ᠥᠩᠭᠡᠷᠡᠬᠦ ᠳ᠋ᠡᠭᠡᠨ ᠯᠢᠭᠳᠡᠨ ᠬᠠᠭᠠᠨ ᠤ᠋ ᠦᠯᠡᠳᠡᠭᠡᠭᠰᠡᠨ ᠬᠠᠷᠢᠶᠠᠲᠤ ᠬᠡᠳᠦᠨ ᠲᠦᠮᠡᠨ ᠢ᠋ ᠬᠣᠷᠢᠶᠠᠨ ᠠᠪᠤᠭᠠᠳ ᠮᠦᠭᠳᠡᠨ ᠵᠦᠭ ᠢ᠋ᠶ᠋ᠡᠨ ᠪᠤᠴᠠᠵᠠᠢ᠃ 
       ᠯᠢᠭᠳᠡᠨ ᠬᠠᠭᠠᠨ ᠣᠷᠳᠣᠰ ᠤ᠋ᠨ ᠭᠠᠵᠠᠷ ᠲᠤ᠌ ᠰᠠᠭᠠᠲᠠᠬᠤ ᠳ᠋ᠠᠭᠠᠨ ᠴᠢᠩᠭᠢᠰ ᠦ᠋ᠨ ᠣᠩᠭᠣᠨ ᠤ᠋ ᠡᠮᠦᠨ᠎ᠡ ᠦᠪᠡᠳᠡᠭᠰᠢ ᠶᠡᠬᠡ ᠶᠣᠰᠣᠯᠠᠯ ᠬᠢᠵᠦ᠂ ᠥᠪᠡᠷ ᠦ᠋ᠨ ᠪᠡᠶ᠎ᠡ ᠪᠡᠨ ᠪᠦᠬᠦ ᠮᠣᠩᠭᠣᠯ ᠤ᠋ᠨ 《ᠯᠢᠭᠳᠡᠨ ᠪᠠᠭᠠᠲᠤᠷ ᠬᠠᠭᠠᠨ》ᠭᠡᠮᠡᠨ ᠳᠠᠬᠢᠨ ᠲᠤᠩᠬᠠᠭᠯᠠᠪᠠ [32] ᠃ ᠡᠨᠳᠡ ᠡᠴᠡ ᠴᠠᠬᠠᠷ᠂ ᠣᠷᠳᠣᠰ ᠤ᠋ᠨ ᠣᠯᠠᠨ ᠢ᠋ ᠳᠠᠢᠴᠢᠯᠠᠨ᠂ ᠴᠢᠩᠭᠢᠰ ᠬᠠᠭᠠᠨ ᠤ᠋ ᠣᠩᠭᠣᠨ ᠢ᠋ ᠰᠢᠯᠵᠢᠭᠦᠯᠦᠨ᠂ ᠪᠠᠷᠠᠭᠤᠨᠰᠢ ᠬᠠᠲᠤᠨ ᠭᠣᠣᠯ ᠢ᠋ ᠭᠠᠲᠤᠯᠤᠭᠠᠳ ᠰᠢᠷ᠎ᠠ ᠲᠠᠯ᠎ᠠ ᠳ᠋ᠤ᠌ ᠢᠷᠡᠵᠦ ᠪᠠᠭᠤᠵᠠᠢ᠃  ᠯᠢᠭᠳᠡᠨ ᠬᠠᠭᠠᠨ ᠰᠢᠷ᠎ᠠ ᠲᠠᠯ᠎ᠠ ᠶ᠋ᠢᠨ ᠶᠦᠩ ᠬᠦ ᠴᠧᠩ ᠣᠷᠴᠢᠮ ᠪᠠᠢᠩᠭᠤ ᠶ᠋ᠢᠨ ᠪᠠᠭᠤᠴᠠ ᠠᠪᠴᠤ᠂ ᠲᠣᠬᠢᠶᠠᠯ ᠢ᠋ ᠦᠵᠡᠵᠦ ᠳᠠᠬᠢᠨ ᠥᠨᠳᠡᠢᠨ ᠪᠣᠰᠬᠤ ᠰᠠᠨᠠᠭ᠎ᠠ ᠲᠠᠢ ᠪᠠᠢᠯ᠎ᠠ᠃ ᠲᠡᠷᠡ ᠬᠢᠷᠢ ᠳ᠋ᠦ᠍᠂ ᠤᠤᠯ ᠠ᠋ᠴᠠ ᠯᠢᠭᠳᠡᠨ ᠬᠠᠭᠠᠨ ᠤ᠋ ᠦᠢᠯᠡᠰ ᠢ᠋ ᠳᠡᠮᠵᠢᠵᠦ ᠪᠠᠢᠭᠰᠠᠨ ᠭᠣᠪᠢ ᠶ᠋ᠢᠨ ᠠᠷᠤ ᠶ᠋ᠢᠨ ᠬᠠᠯᠬ᠎ᠠ ᠶ᠋ᠢᠨ ᠴᠣᠭᠲᠤ ᠲᠠᠢᠵᠢ (ᠲᠦᠰᠢᠶᠡᠲᠦ ᠬᠠᠨ ᠠᠢᠮᠠᠭ ᠤ᠋ᠨ)᠂ 1634 ᠣᠨ ᠤ᠋ ᠡᠬᠢᠨ ᠢ᠋ᠶ᠋ᠡᠷ ᠬᠠᠷᠢᠶᠠᠲᠤ ᠳᠥᠷᠪᠡᠨ ᠲᠦᠮᠡᠨ ᠬᠥᠮᠦᠨ ᠢ᠋ᠶ᠋ᠡᠨ ᠳᠠᠢᠴᠢᠯᠠᠨ ᠰᠢᠷ᠎ᠠ ᠲᠠᠯ᠎ᠠ ᠳ᠋ᠤ᠌ ᠢᠷᠡᠭᠡᠳ᠂ ᠶᠡᠬᠡ ᠬᠠᠭᠠᠨ ᠲᠠᠢ ᠰᠡᠳᠬᠢᠯ ᠰᠠᠨᠠᠭ᠎ᠠ ᠨᠢᠭᠡᠳᠴᠦ ᠨᠥᠬᠥᠷᠯᠡᠨ ᠰᠠᠭᠤᠪᠠ᠃ ᠯᠢᠭᠳᠡᠨ ᠪᠣᠯᠤᠨ ᠴᠣᠭᠲᠤ ᠲᠠᠢᠵᠢ ᠬᠣᠶᠠᠭᠤᠯᠠ ᠤᠯᠠᠭᠠᠨ ᠮᠠᠯᠠᠭᠠᠢᠲᠤ ᠶ᠋ᠢᠨ ᠱᠠᠰᠢᠨ ᠢ᠋ᠶ᠋ᠠᠷ ᠳᠠᠮᠵᠢᠭᠤᠯᠤᠨ᠂ ᠲᠥᠪᠡᠳ ᠦ᠋ᠨ ᠽᠠᠩᠪᠠ ᠬᠠᠨ᠂ ᠪᠡᠷᠢ ᠶ᠋ᠢᠨ ᠳᠣᠩᠶᠤᠨ ᠬᠠᠨ ᠲᠠᠢ ᠨᠢᠭᠲᠠ ᠬᠠᠷᠢᠴᠠᠭ᠎ᠠ ᠪᠠᠢᠭᠤᠯᠵᠠᠢ [33]᠃  1634  ᠣᠨ ᠤ᠋ ᠵᠤᠨ᠂ᠶᠡᠬᠡ ᠬᠠᠭᠠᠨ ᠯᠢᠭᠳᠡᠨ ᠡᠪᠡᠳᠴᠢᠨ ᠢ᠋ᠶ᠋ᠡᠷ ᠨᠠᠰᠤ ᠪᠠᠷᠠᠪᠠ᠃ ᠰᠢᠷ᠎ᠠ ᠲᠠᠯ᠎ᠠ ᠶ᠋ᠢᠨ ᠭᠠᠵᠠᠷ ᠲᠤ᠌ ᠤᠳᠠᠭᠠᠨ ᠰᠠᠭᠤᠬᠤ ᠳ᠋ᠤ᠌ ᠵᠣᠬᠢᠮᠵᠢ ᠦᠭᠡᠢ ᠲᠤᠯᠠ ᠯᠢᠭᠳᠡᠨ ᠦ᠌ ᠹᠦᠵᠢᠨ ᠬᠠᠲᠤᠨ ᠰᠤᠳᠠᠢ᠂ ᠲᠡᠭᠦᠨ ᠦ᠌ ᠬᠥᠪᠡᠭᠦᠨ ᠡᠷᠬᠡ ᠬᠣᠩᠭᠣᠷ ᠨᠠᠷ ᠬᠠᠷᠢᠶᠠᠲᠤ ᠴᠠᠬᠠᠷ ᠪᠣᠯᠤᠨ ᠣᠷᠳᠣᠰ ᠤ᠋ᠨ ᠣᠯᠠᠨ ᠢ᠋ ᠳᠠᠭᠠᠭᠤᠯᠵᠤ ᠣᠷᠳᠣᠰ ᠤ᠋ᠨ ᠭᠠᠵᠠᠷ ᠪᠤᠴᠠᠵᠤ ᠢᠷᠡᠵᠡᠢ᠃ ᠬᠠᠯᠬ᠎ᠠ ᠶ᠋ᠢᠨ ᠴᠣᠭᠲᠤ ᠲᠠᠢᠵᠢ ᠡᠨᠳᠡ ᠡᠴᠡ ᠬᠥᠬᠡᠨᠠᠭᠤᠷ ᠲᠤ᠌ ᠰᠢᠯᠵᠢᠨ ᠣᠴᠢᠪᠠ᠃ 
       ᠯᠢᠭᠳᠡᠨ ᠬᠠᠭᠠᠨ ᠨᠠᠰᠤ ᠪᠠᠷᠠᠭᠰᠠᠨ ᠮᠡᠳᠡᠭᠡ ᠶ᠋ᠢ ᠬᠤᠸᠠᠩ ᠲᠠᠢᠵᠢ ᠮᠡᠳᠡᠭᠡᠳ 1635  ᠣᠨ ᠤ᠋ ᠬᠣᠶᠠᠳᠤᠭᠠᠷ ᠰᠠᠷ᠎ᠠ ᠳ᠋ᠤ᠌ ᠲᠡᠭᠦᠨ ᠦ᠌  ᠳᠣᠣᠷᠠᠬᠢ ᠳ᠋ᠦᠷᠭᠦᠨ᠂ ᠰᠠᠬᠠᠯᠢᠶᠠᠨ ᠨᠠᠷ ᠢ᠋ᠶ᠋ᠠᠷ ᠲᠦᠮᠡᠨ ᠴᠡᠷᠢᠭ ᠳᠠᠢᠴᠢᠯᠠᠭᠤᠯᠤᠨ ᠣᠷᠳᠣᠰ ᠵᠦᠭ ᠢᠯᠡᠬᠡᠨ᠂ ᠯᠢᠭᠳᠡᠨ ᠦ᠌ ᠬᠥᠪᠡᠭᠦᠨ ᠡᠷᠬᠡ ᠬᠣᠩᠭᠣᠷ ᠢ᠋ ᠡᠷᠢᠵᠦ ᠠᠪᠤᠭᠲᠤᠨ ᠭᠡᠪᠡ᠃  ᠭᠤᠷᠪᠠᠳᠤᠭᠠᠷ ᠰᠠᠷ᠎ᠠ ᠳ᠋ᠤ᠌᠂ ᠰᠢᠷ᠎ᠠ ᠵᠥᠷᠦᠬᠡ ᠶ᠋ᠢᠨ ᠭᠠᠵᠠᠷ ᠲᠤ᠌ ᠯᠢᠭᠳᠡᠨ ᠦ᠌ ᠬᠠᠲᠤᠨ ᠨᠠᠩᠨᠠᠩ ᠲᠠᠢᠬᠡᠦ ᠲᠡᠢ ᠤᠴᠠᠷᠠᠵᠤ᠂ ᠡᠷᠬᠡ ᠬᠣᠩᠭᠣᠷ ᠤ᠋ᠨ ᠪᠠᠢᠬᠤ ᠭᠠᠵᠠᠷ ᠢ᠋ ᠰᠤᠷᠠᠭᠯᠠᠵᠤ ᠮᠡᠳᠡᠵᠡᠢ᠃  ᠳᠥᠷᠪᠡᠳᠦᠭᠡᠷ ᠰᠠᠷ᠎ᠠ ᠶ᠋ᠢᠨ ᠬᠣᠶᠠᠷ ᠤ᠋ᠨ ᠡᠳᠦᠷ᠂  ᠲᠣᠯᠢᠲᠤ ᠭᠡᠳᠡᠭ ᠭᠠᠵᠠᠷ ᠠ᠋ᠴᠠ ᠰᠤᠳᠠᠢ ᠲᠠᠢᠬᠡᠦ ᠪᠣᠯᠤᠨ ᠡᠷᠬᠡ ᠬᠣᠩᠭᠣᠷ ᠢ᠋ ᠡᠷᠢᠨ ᠣᠯᠤᠭᠠᠳ ᠠᠪᠤᠪᠠ ᠃   
       1636  ᠣᠨ ᠤ᠋ ᠭᠤᠷᠪᠠᠳᠤᠭᠠᠷ ᠰᠠᠷ᠎ᠠ ᠳ᠋ᠤ᠌᠂ ᠭᠣᠪᠢ ᠶ᠋ᠢᠨ ᠡᠮᠦᠨᠡᠬᠢ ᠠᠷᠪᠠᠨ ᠵᠢᠷᠭᠤᠭᠠᠨ ᠠᠢᠮᠠᠭ ᠤ᠋ᠨ ᠳᠥᠴᠢ ᠶᠢᠰᠦᠨ ᠹᠧᠣᠳᠠᠯ ᠤ᠋ᠨ ᠡᠵᠡᠳ ᠮᠦᠭᠳᠡᠨ ᠳ᠋ᠦ᠍ ᠴᠤᠭᠯᠠᠷᠠᠨ᠂ ᠬᠣᠩ ᠲᠠᠢᠵᠢ ᠶ᠋ᠢ ᠬᠠᠭᠠᠨ ᠭᠡᠮᠡᠨ ᠮᠡᠳᠡᠷᠡᠵᠦ᠂《ᠪᠣᠭᠳᠠ ᠰᠡᠴᠡᠨ ᠬᠠᠭᠠᠨ》ᠭᠡᠮᠡᠨ ᠴᠣᠯᠠ ᠳᠠᠪᠰᠢᠭᠤᠯᠵᠠᠢ᠃  ᠮᠥᠨ ᠣᠨ ᠳ᠋ᠤ᠌᠂ ᠬᠣᠩ ᠲᠠᠢᠵᠢ ᠬᠠᠭᠠᠨ ᠰᠠᠭᠤᠷᠢᠨ ᠳ᠋ᠤ᠌ ᠵᠢᠩᠬᠢᠨᠢ ᠪᠡᠷ ᠵᠠᠯᠠᠷᠠᠨ᠂ ᠤᠯᠤᠰ ᠤ᠋ᠨ ᠴᠣᠯᠠ ᠪᠠᠨ 《ᠴᠢᠩ》 ᠬᠡᠮᠡᠵᠦ᠂ ᠣᠨ ᠤ᠋ ᠴᠣᠯᠠ ᠪᠠᠨ ᠳᠡᠭᠡᠳᠦ ᠡᠷᠳᠡᠮᠲᠦ ᠭᠡᠪᠡ᠃  

               ᠭᠤᠷᠪᠠ᠂  ᠪᠣᠷᠨᠠᠢ ᠶ᠋ᠢᠨ ᠬᠤᠪᠢᠰᠤᠯ      
       1635 ᠣᠨ ᠳ᠋ᠤ᠌᠂ ᠤᠮᠠᠷᠠᠲᠤ ᠠᠯᠲᠠᠨ ᠤᠯᠤᠰ ᠤ᠋ᠨ ᠨᠣᠶᠠᠷᠬᠠᠭᠴᠢᠳ ᠴᠠᠬᠠᠷ ᠢ᠋ ᠵᠢᠷᠤᠮᠲᠤ ᠵᠧᠦ ᠶ᠋ᠢᠨ ᠭᠠᠵᠠᠷ ᠲᠣᠬᠢᠷᠠᠭᠤᠯᠤᠨ ᠰᠠᠭᠤᠯᠭᠠᠭᠠᠳ᠂ ᠵᠡᠭᠦᠨ ᠪᠠᠷᠠᠭᠤᠨ ᠭᠠᠷᠤᠨ ᠴᠠᠬᠠᠷ ᠤ᠋ᠨ ᠨᠠᠢ᠍ᠮᠠᠨ ᠬᠣᠰᠢᠭᠤ ᠬᠡᠮᠡᠪᠡ᠃ ᠡᠭᠦᠨ ᠦ᠌ ᠬᠠᠮᠲᠤ ᠯᠢᠭᠳᠡᠨ ᠦ᠌ ᠬᠥᠪᠡᠭᠦᠨ ᠡᠷᠬᠡ ᠬᠣᠩᠭᠣᠷ ᠢ᠋ ᠴᠢᠨ ᠸᠠᠩ ᠡᠷᠭᠦᠮᠵᠢᠯᠡᠵᠦ᠂ ᠬᠠᠭᠠᠨ ᠤ᠋ ᠬᠣᠶᠠᠳᠤᠭᠠᠷ ᠥᠬᠢᠨ ᠮᠠᠭᠲᠠ ᠭᠡᠭᠡ ᠶ᠋ᠢ ᠲᠡᠭᠦᠨ ᠳ᠋ᠦ᠍ ᠬᠣᠯᠪᠣᠪᠠ  [34]᠃  ᠪᠠᠰᠠ ᠬᠣᠰᠢᠭᠤ ᠶ᠋ᠢ ᠵᠠᠬᠢᠷᠤᠭᠴᠢ ᠰᠠᠢᠳ ᠪᠣᠯᠤᠨ ᠮᠡᠢᠷᠡᠨ ᠦ᠌ ᠵᠠᠩᠭᠢ ᠶ᠋ᠢ ᠲᠠᠯᠪᠢᠵᠤ᠂ ᠴᠠᠬᠠᠷ ᠤ᠋ᠨ ᠵᠡᠭᠦᠨ ᠪᠠᠷᠠᠭᠤᠨ ᠭᠠᠷ ᠢ᠋ ᠵᠠᠰᠠᠭᠰᠠᠨ ᠪᠢᠯᠡ᠃ 
       ᠯᠢᠭᠳᠡᠨ ᠬᠠᠭᠠᠨ ᠤ᠋《ᠨᠠᠢ᠍ᠮᠠᠨ ᠶᠡᠬᠡ ᠹᠦᠵᠢᠨ》 ᠳᠠᠭᠠᠭᠰᠠᠨ ᠤ᠋ ᠳᠠᠷᠠᠭ᠎ᠠ᠂ ᠰᠤᠳᠠᠢ ᠲᠠᠢᠬᠡᠦ ᠶ᠋ᠢ ᠮᠠᠨᠵᠤ ᠪᠡᠢᠯᠡ ᠵᠢᠷᠭᠠᠯᠠᠩ ᠭᠡᠷᠭᠡᠢ ᠪᠣᠯᠭᠠᠵᠤ [35] ᠂ ᠴᠠᠬᠠᠷ ᠤ᠋ᠨ ᠭᠣᠣᠯ ᠤ᠋ᠨ ᠲᠦᠮᠡᠨ ᠢ᠋ ᠵᠠᠬᠢᠷᠴᠤ ᠪᠠᠢᠭᠰᠠᠨ ᠹᠦᠵᠢᠨ ᠢ᠋ ᠯᠢᠭᠳᠡᠨ ᠦ᠌ ᠬᠠᠷᠢᠶᠠᠲᠤ ᠵᠠᠢᠰᠠᠩ ᠬᠢᠲᠠᠳ ᠴᠠᠷᠪᠠᠢ ᠳ᠋ᠤ᠌ ᠭᠡᠷᠭᠡᠢ ᠪᠣᠯᠭᠠᠨ ᠥᠭᠴᠡᠢ [36]᠃  ᠳᠡᠭᠦᠦ ᠲᠦᠮᠡᠨ ᠲᠠᠢᠬᠡᠦ ᠪᠣᠯᠤᠨ ᠨᠠᠩᠨᠠᠩ ᠲᠠᠢᠬᠡᠦ ᠶ᠋ᠢ ᠬᠣᠩ ᠲᠠᠢᠵᠢ ᠬᠠᠲᠤᠨ ᠪᠣᠯᠭᠠᠵᠤ ᠠᠪᠴᠠᠢ [37]᠃  1635 ᠣᠨ ᠳ᠋ᠤ᠌᠂ ᠨᠠᠩᠨᠠᠩ ᠲᠠᠢᠬᠡᠦ ᠡᠴᠡ ᠯᠢᠭᠳᠡᠨ ᠦ᠌ ᠬᠣᠴᠣᠷᠭᠠᠭᠰᠠᠨ ᠬᠡᠪᠡᠯᠢ ᠳ᠋ᠡᠬᠢ ᠬᠥᠪᠡᠭᠦᠨ ᠠᠪᠤᠨᠠᠢ ᠶ᠋ᠢ ᠮᠡᠨᠳᠦᠯᠡᠵᠡᠢ᠃  ᠯᠢᠭᠳᠡᠨ ᠦ᠌ ᠠᠬᠠᠮᠠᠳ ᠬᠥᠪᠡᠭᠦᠨ ᠡᠷᠬᠡ ᠬᠣᠩᠭᠣᠷ ᠨᠠᠰᠤ ᠪᠠᠷᠠᠭᠰᠠᠨ᠎ᠠ᠂ ᠲᠡᠭᠦᠨ ᠦ᠌ ᠳᠡᠭᠦᠦ ᠠᠪᠣᠨᠠᠢ ᠴᠢᠨ ᠸᠠᠩ ᠤ᠋ᠨ ᠬᠡᠷᠬᠢᠮ ᠢ᠋ ᠵᠠᠯᠭᠠᠮᠵᠢᠯᠠᠭᠠᠳ᠂ ᠪᠠᠰᠠ ᠬᠠᠭᠠᠨ ᠤ᠋ ᠭᠦᠩᠵᠦ ᠶ᠋ᠢ ᠵᠠᠯᠠᠵᠠᠢ᠃ ᠭᠡᠲᠡᠯ᠎ᠡ ᠠᠪᠣᠨᠠᠢ ᠴᠢᠨ ᠸᠠᠩ ᠲᠡᠭᠦᠨ ᠦ᠌ ᠡᠴᠢᠭᠡ ᠶ᠋ᠢᠨ ᠭᠤᠲᠤᠮᠰᠢᠭ ᠢ᠋ ᠡᠭᠦᠷᠢᠳᠡ ᠪᠣᠳᠣᠯᠬᠢᠯᠠᠵᠤ᠂ ᠬᠠᠭᠠᠨ ᠳ᠋ᠤ᠌ ᠵᠣᠷᠢᠭᠤᠳᠠ ᠦᠯᠦ ᠪᠠᠷᠠᠭᠠᠳᠠᠵᠤ ᠣᠨ ᠤᠳᠠᠪᠠ᠃ ᠲᠡᠭᠦᠨᠴᠡ ᠬᠡᠷᠬᠢᠮ ᠢ᠋ᠶ᠋ᠡᠨ ᠬᠠᠰᠤᠭᠳᠠᠵᠤ ᠮᠦᠭᠳᠡᠨ ᠦ᠌ ᠭᠢᠨᠳᠠᠨ ᠳ᠋ᠤ᠌ ᠬᠣᠷᠢᠭᠳᠠᠵᠠᠢ᠃ ᠠᠪᠣᠨᠠᠢ ᠳ᠋ᠤ᠌ ᠬᠣᠶᠠᠷ ᠬᠥᠪᠡᠭᠦᠨ ᠪᠣᠢ᠃ ᠠᠬᠠᠮᠠᠳ ᠨᠢ ᠪᠣᠷᠨᠠᠢ᠂ ᠬᠣᠶᠠᠳᠤᠭᠠᠷ ᠨᠢ ᠯᠤᠪᠰᠠᠩ ᠪᠢᠯᠡ᠃ ᠴᠢᠨ ᠸᠠᠩ ᠤ᠋ᠨ ᠬᠡᠷᠬᠢᠮ ᠢ᠋ ᠪᠤᠷᠨᠠᠢ ᠵᠠᠯᠭᠠᠮᠵᠢᠯᠠᠵᠤ᠂ ᠬᠠᠭᠠᠨ ᠤ᠋ ᠭᠦᠩᠵᠦ ᠲᠡᠢ ᠤᠷᠤᠭ ᠬᠣᠯᠪᠣᠪᠠ᠃ 
       1673 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂ ᠶᠦᠨᠨᠠᠨ ᠤ᠋ ᠭᠠᠵᠠᠷ ᠲᠤ᠌ ᠦ ᠰᠠᠨ ᠬᠦᠢ ᠤᠷᠪᠠᠵᠤ᠂ ᠥᠪᠡᠷ ᠦ᠋ᠨ ᠪᠡᠶ᠎ᠡ ᠪᠡᠨ ᠵᠧᠦ ᠸᠠᠩ ᠡᠷᠭᠦᠮᠵᠢᠯᠡᠨ ᠴᠢᠩ ᠤᠯᠤᠰ ᠢ᠋ ᠡᠰᠡᠷᠭᠦᠴᠡᠪᠡ᠃ 1674 ᠣᠨ ᠤ᠋ ᠠᠷᠪᠠᠳᠤᠭᠠᠷ ᠰᠠᠷ᠎ᠠ ᠳ᠋ᠤ᠌  ᠭᠧᠩ ᠵᠢᠩ ᠵᠦᠩ ᠹᠦᠵᠢᠶᠠᠨ ᠮᠣᠵᠢ ᠳ᠋ᠤ᠌ ᠥᠪᠡᠷ ᠦ᠋ᠨ ᠪᠡᠶ᠎ᠡ ᠪᠡᠨ ᠸᠠᠩ ᠡᠷᠭᠦᠮᠵᠢᠯᠡᠨ ᠴᠢᠩ ᠤᠯᠤᠰ ᠢ᠋ ᠡᠰᠡᠷᠭᠦᠴᠡᠪᠡ᠃ ᠡᠩᠬᠡ ᠠᠮᠤᠭᠤᠯᠠᠩ ᠬᠠᠭᠠᠨ ᠨᠡᠢᠰᠯᠡᠯ ᠳ᠋ᠦ᠍ ᠪᠠᠢᠬᠤ ᠪᠣᠢ ᠪᠦᠬᠦᠢ ᠶᠡᠬᠡ ᠴᠡᠷᠢᠭ ᠢ᠋ᠶ᠋ᠡᠨ ᠬᠥᠳᠡᠯᠭᠡᠵᠦ ᠡᠦ ᠰᠠᠨ ᠬᠦᠢ ᠪᠣᠯᠤᠨ ᠭᠧᠩ ᠵᠢᠩ ᠵᠦᠩ ᠢ᠋ ᠳᠠᠢᠯᠠᠨ ᠳᠠᠷᠤᠩᠭᠤᠢᠯᠠᠬᠤ ᠪᠠᠷ ᠢᠯᠡᠭᠡᠭᠰᠡᠨ ᠲᠤᠯᠠ ᠪᠡᠭᠡᠵᠢᠩ ᠬᠣᠭᠣᠰᠣᠨ ᠪᠣᠯᠵᠠᠢ᠃ ᠴᠠᠬᠠᠷ ᠨᠠᠢ᠍ᠮᠠᠨ ᠬᠤᠰᠢᠭᠤᠨ ᠳ᠋ᠤ᠌ ᠱᠠᠰᠢᠨ ᠤ᠋ ᠬᠥᠳᠡᠯᠭᠡᠭᠡᠨ ᠬᠢᠵᠦ ᠪᠠᠢᠭᠰᠠᠨ ᠠᠵᠠᠯᠠᠢ ᠯᠠᠮᠠ ᠪᠣᠯᠤᠨ ᠰᠡᠩᠭᠡᠦ᠌ᠵᠢᠨ ᠵᠡᠷᠭᠡ ᠬᠥᠮᠦᠰ ᠡᠨᠡᠬᠦ ᠲᠣᠬᠢᠶᠠᠯ ᠢ᠋ ᠳᠠᠯᠢᠮᠳᠠᠭᠤᠯᠤᠨ[38] ᠪᠣᠷᠨᠠᠢ ᠴᠢᠨ ᠸᠠᠩ ᠪᠣᠯᠤᠨ ᠯᠤᠪᠰᠠᠩ ᠲᠠᠢᠵᠢ ᠶ᠋ᠢ ᠥᠳᠥᠭᠡᠨ ᠤᠬᠠᠭᠤᠯᠵᠤ᠂ ᠴᠠᠬᠠᠷ ᠤ᠋ᠨ ᠬᠠᠷᠢᠶᠠᠲᠤ ᠪᠠᠢᠭᠰᠠᠨ ᠨᠠᠢ᠍ᠮᠠᠨ ᠵᠡᠷᠭᠡ ᠬᠣᠰᠢᠭᠤ ᠲᠠᠢ ᠬᠣᠯᠪᠣᠭ᠎ᠠ ᠠᠪᠤᠨ ᠲᠤᠭ ᠪᠣᠰᠬᠠᠵᠤ ᠴᠢᠩ ᠤᠯᠤᠰ ᠢ᠋ ᠡᠰᠡᠷᠭᠦᠴᠡᠶ᠎ᠡ ᠬᠡᠮᠡᠪᠡ᠃ ᠪᠣᠷᠨᠠᠢ ᠴᠢᠨ ᠸᠠᠩ ᠪᠣᠯᠤᠨ ᠯᠤᠪᠰᠠᠩ ᠲᠠᠢᠵᠢ ᠨᠠᠷ ᠠᠵᠠᠯᠠᠢ ᠯᠠᠮᠠ ᠶ᠋ᠢᠨ ᠥᠳᠥᠭᠡᠨ ᠬᠥᠭᠡᠷᠭᠡᠳᠡᠬᠦ ᠶ᠋ᠢ ᠲᠡᠰᠬᠡᠯ ᠦᠭᠡᠢ ᠰᠣᠨᠣᠰᠴᠤ᠂ ᠴᠢᠩ ᠤᠯᠤᠰ ᠢ᠋ ᠡᠰᠡᠷᠭᠦᠴᠡᠬᠦ ᠲᠤᠭ ᠪᠣᠰᠬᠠᠨ ᠮᠦᠭᠳᠡᠨ ᠳ᠋ᠦ᠍ ᠬᠣᠷᠢᠭᠳᠠᠭ᠎ᠠ ᠠᠪᠣᠨᠠᠢ ᠶ᠋ᠢ ᠠᠪᠤᠷᠠᠨ ᠭᠠᠷᠭᠠᠵᠤ᠂ ᠨᠡᠢᠰᠯᠡᠯ ᠪᠡᠭᠡᠵᠢᠩ ᠢ᠋ ᠴᠣᠬᠢᠬᠤ ᠰᠠᠨᠠᠭ᠎ᠠ ᠲᠣᠭᠲᠠᠪᠠ᠃ 
       1675 ᠣᠨ ᠤ᠋ ᠭᠤᠷᠪᠠᠳᠤᠭᠠᠷ ᠰᠠᠷ᠎ᠠ ᠳ᠋ᠤ᠌᠂ ᠪᠣᠷᠨᠠᠢ ᠴᠢᠨ ᠸᠠᠩ ᠪᠣᠯᠤᠨ ᠯᠤᠪᠰᠠᠩ ᠲᠠᠢᠵᠢ ᠨᠠᠷ ᠪᠣᠰᠤᠯᠭ᠎ᠠ ᠶ᠋ᠢᠨ ᠪᠡᠯᠡᠳᠬᠡᠯ ᠢ᠋ᠶ᠋ᠡᠨ ᠱᠠᠯᠠᠪᠳᠠᠨ ᠬᠢᠵᠦ᠂ ᠵᠠᠷ ᠵᠡᠪᠰᠡᠭ ᠢ᠋ᠶ᠋ᠡᠨ ᠰᠢᠨᠡᠳᠬᠡᠨ ᠵᠠᠰᠠᠵᠤ᠂ ᠴᠠᠬᠠᠷ ᠤ᠋ᠨ ᠪᠠᠷᠠᠭᠤᠨ ᠭᠠᠷᠤᠨ ᠳᠥᠷᠪᠡᠨ ᠬᠤᠰᠢᠭᠤᠨ ᠤ᠋ ᠴᠡᠷᠢᠭ ᠮᠣᠷᠢ ᠪᠠᠨ ᠲᠡᠭᠰᠢᠯᠡᠨ ᠪᠣᠯᠪᠠᠰᠤᠷᠠᠭᠤᠯᠵᠠᠢ᠃ ᠴᠠᠬᠠᠷ ᠤ᠋ᠨ ᠬᠣᠰᠢᠭᠤ ᠶ᠋ᠢ ᠵᠠᠬᠢᠷᠤᠭᠴᠢ ᠰᠠᠢᠳ ᠵᠢᠨᠵᠢᠨ᠂ ᠮᠡᠢᠷᠡᠨ ᠦ᠌ ᠵᠠᠩᠭᠢ ᠪᠣᠳᠠᠷᠢ᠂ ᠴᠠᠬᠠᠷ ᠲᠤ᠌ ᠬᠠᠪᠰᠤᠷᠭᠠᠨ ᠮᠠᠯᠵᠢᠬᠤ ᠴᠠᠬᠠᠷ ᠤ᠋ᠨ ᠬᠦᠩ ᠴᠣᠢᠵᠠᠪ ᠨᠠᠷ ᠪᠣᠷᠨᠠᠢ ᠴᠢᠨ ᠸᠠᠩ ᠪᠣᠯᠤᠨ ᠯᠤᠪᠰᠠᠩ ᠤ᠋ᠨ ᠴᠢᠩ ᠤᠯᠤᠰ ᠢ᠋ ᠡᠰᠡᠷᠭᠦᠴᠡᠬᠦ ᠲᠥᠯᠥᠪᠯᠡᠭᠡ ᠶ᠋ᠢ ᠢᠳᠡᠪᠬᠢᠲᠡᠢ ᠳᠡᠮᠵᠢᠵᠡᠢ᠃ ᠡᠨᠡᠬᠦ ᠵᠠᠪᠰᠠᠷ ᠲᠤ᠌ ᠴᠢᠨ ᠸᠠᠩ ᠪᠣᠷᠨᠠᠢ ᠳᠠᠯᠳᠠᠭᠤᠷ ᠬᠥᠮᠦᠨ ᠵᠠᠷᠤᠵᠤ᠂ ᠰᠢᠦᠸᠠᠨ ᠹᠦ ᠳ᠋ᠦ᠍ ᠲᠦᠷ ᠰᠡᠷᠭᠡᠢᠯᠡᠨ ᠰᠠᠭᠤᠬᠤ ᠴᠠᠬᠠᠷ ᠤ᠋ᠨ ᠵᠡᠭᠦᠨ ᠭᠠᠷᠤᠨ ᠨᠣᠶᠠᠳ ᠴᠡᠷᠢᠭ ᠲᠡᠢ ᠬᠠᠷᠢᠯᠴᠠᠬᠤ ᠶ᠋ᠢᠨ ᠬᠠᠮᠲᠤ᠂ ᠡᠯ᠎ᠡ ᠬᠤᠰᠢᠭᠤᠨ ᠤ᠋ ᠸᠠᠩ ᠬᠦᠩ ᠨᠠᠷ ᠴᠢᠩ ᠤᠯᠤᠰ ᠢ᠋ ᠡᠰᠡᠷᠭᠦᠴᠡᠬᠦ ᠪᠣᠰᠤᠯᠭ᠎ᠠ ᠳ᠋ᠤ᠌ ᠣᠷᠣᠯᠴᠠᠭᠲᠤᠨ ᠭᠡᠮᠡᠨ ᠤᠬᠠᠭᠤᠯᠪᠠ᠃  ᠤᠤᠯ ᠤ᠋ᠨ ᠴᠠᠬᠠᠷ ᠤ᠋ᠨ ᠬᠠᠷᠢᠶᠠᠲᠤ ᠪᠠᠢᠭᠰᠠᠨ ᠨᠠᠢ᠍ᠮᠠᠨ ᠬᠤᠰᠢᠭᠤᠨ ᠤ᠋ ᠵᠢᠶᠦ᠋ᠨ ᠸᠠᠩ ᠵᠠᠮᠰᠠ ᠨᠠᠷ ᠪᠣᠷᠨᠠᠢ ᠶ᠋ᠢᠨ ᠤᠷᠢᠶᠠᠯᠠᠭ᠎ᠠ ᠶ᠋ᠢ ᠢᠳᠡᠪᠬᠢᠲᠡᠢ ᠪᠡᠷ ᠴᠤᠤᠷᠢᠶᠠᠲᠤᠵᠠᠢ᠃ ᠭᠤᠷᠪᠠᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ ᠪᠣᠰᠤᠯᠭ᠎ᠠ ᠭᠠᠷᠭᠠᠬᠤ ᠭᠡᠮᠡᠨ ᠪᠣᠷᠨᠠᠢ ᠲᠣᠭᠲᠠᠪᠠ᠃  ᠭᠡᠲᠡᠯ᠎ᠡ ᠰᠠᠨᠠᠮᠰᠠᠷ ᠦᠭᠡᠢ ᠪᠡᠷ ᠲᠡᠳᠡᠨ ᠦ᠌ ᠲᠥᠯᠥᠪᠯᠡᠭᠡ ᠪᠣᠯᠤᠨ ᠬᠥᠳᠡᠯᠭᠡᠭᠡᠨ ᠨᠢ ᠪᠣᠷᠨᠠᠢ ᠶ᠋ᠢᠨ ᠬᠠᠲᠤᠨ(ᠬᠠᠭᠠᠨ ᠤ᠋ ᠭᠦᠩᠵᠦ) ᠳ᠋ᠦ᠍ ᠮᠡᠳᠡᠭᠳᠡᠪᠡ᠃ ᠭᠦᠩᠵᠦ ᠰᠠᠮ ᠢ᠋ᠶ᠋ᠠᠷ ᠲᠡᠭᠦᠨ ᠦ᠌ ᠳᠡᠭᠦᠦ ᠠᠵᠢᠬᠡᠨ ᠢ᠋ ᠬᠢᠮᠦᠷᠯᠢᠭ ᠵᠧᠦ ᠵᠦᠭ ᠢᠯᠡᠭᠡᠵᠦ ᠳᠡᠭᠡᠭᠰᠢ ᠪᠡᠨ ᠵᠠᠭᠠᠯᠳᠤᠵᠠᠢ  [39]᠃  ᠲᠦᠮᠡᠳ ᠦ᠋ᠨ ᠪᠡᠢᠰᠡ ᠴᠢᠴᠢᠰᠵᠠᠪ ᠪᠠᠰᠠ ᠲᠡᠭᠦᠨ ᠦ᠌ ᠳᠣᠲᠣᠷᠠᠬᠢ ᠭᠤᠲᠠᠭᠠᠷ ᠳᠡᠰ ᠦ᠋ᠨ ᠬᠢᠶ᠎ᠡ ᠰᠡᠪᠤ ᠶ᠋ᠢ  ᠪᠡᠭᠡᠵᠢᠩ ᠳ᠋ᠦ᠍ ᠢᠯᠡᠭᠡᠵᠦ ᠪᠣᠷᠨᠠᠢ ᠶ᠋ᠢᠨ ᠬᠡᠷᠡᠭ ᠡᠳᠦᠬᠦ ᠭᠡᠵᠦ ᠪᠠᠢᠬᠤ ᠶ᠋ᠢ ᠵᠠᠭᠠᠯᠳᠤᠪᠠ᠃  ᠪᠠᠢᠳᠠᠯ ᠤ᠋ᠨ ᠬᠤᠪᠢᠷᠠᠯᠲᠠ ᠬᠦᠨᠳᠦ ᠨᠣᠴᠢᠲᠠᠢ ᠪᠠᠢᠬᠤ ᠶ᠋ᠢ ᠴᠢᠩ ᠦ᠋ᠨ ᠵᠠᠰᠠᠭ ᠤ᠋ᠨ ᠭᠠᠵᠠᠷ  ᠮᠡᠳᠡᠭᠡᠳ᠂ ᠠᠷᠭ᠎ᠠ ᠬᠡᠮᠵᠢᠶ᠎ᠡ ᠠᠪᠬᠤ ᠴᠢᠬᠤᠯᠠ ᠲᠠᠢ ᠭᠡᠮᠡᠨ ᠲᠣᠭᠲᠠᠵᠠᠢ᠃ ᠡᠩᠬᠡ ᠠᠮᠤᠭᠤᠯᠠᠩ ᠬᠠᠭᠠᠨ ᠪᠠᠴᠢᠮᠳᠠᠵᠤ ᠲᠡᠭᠦᠨ ᠦ᠌ ᠡᠮᠡᠭᠡ ᠡᠬᠡ ᠲᠠᠬᠢᠮᠳᠠᠭᠤ ᠠᠮᠤᠷᠯᠢᠩᠭᠤᠢ ᠭᠡᠭᠡᠨ ᠰᠥᠳᠥ ᠬᠤᠸᠠᠩ ᠲᠠᠢᠬᠡᠦ (ᠬᠣᠩ ᠲᠠᠢᠵᠢ ᠶ᠋ᠢᠨ ᠬᠣᠷᠴᠢᠨ ᠠ᠋ᠴᠠ ᠵᠠᠯᠠᠭᠰᠠᠨ ᠬᠠᠲᠤᠨ) ᠲᠠᠢ ᠵᠥᠪᠯᠡᠭᠰᠡᠨ ᠦ᠌ ᠳᠠᠷᠠᠭ᠎ᠠ᠂ ᠵᠢᠷᠤᠮᠲᠤ ᠵᠧᠦ ᠵᠦᠭ ᠬᠢᠶ᠎ᠡ ᠰᠡᠷᠡᠩ ᠢ᠋ ᠢᠯᠡᠭᠡᠵᠦ᠂ ᠪᠣᠷᠨᠠᠢ ᠪᠣᠯᠤᠨ ᠯᠤᠪᠰᠠᠩ ᠲᠠᠢ ᠤᠴᠢᠷ ᠵᠥᠪᠳᠡᠶ᠎ᠡ ᠭᠡᠪᠡ᠃ ᠲᠡᠳᠡᠨ ᠦ᠌ ᠠᠷᠭ᠎ᠠ ᠪᠠᠷ ᠪᠠᠷᠢᠬᠤ ᠪᠠᠷ ᠪᠠᠵᠠᠭᠠᠵᠤ ᠪᠠᠢᠬᠤ ᠶ᠋ᠢ ᠪᠣᠷᠨᠠᠢ ᠮᠡᠳᠡᠭᠡᠳ ᠵᠠᠷᠯᠢᠭ ᠢ᠋ᠶ᠋ᠠᠷ ᠠᠷᠭ᠎ᠠ ᠭᠠᠷᠭᠠᠵᠤ ᠪᠡᠭᠡᠵᠢᠩ ᠳ᠋ᠦ᠍ ᠳᠠᠭᠤᠳᠠᠵᠠᠢ᠃ ᠤᠴᠢᠷ ᠵᠥᠪᠳᠡᠶ᠎ᠡ ᠭᠡᠮᠡᠨ ᠢᠷᠡᠭᠰᠡᠨ ᠬᠢᠶ᠎ᠡ ᠰᠡᠷᠡᠩ ᠢ᠋ ᠪᠠᠷᠢᠵᠤ ᠬᠣᠷᠢᠪᠠ᠃ ᠭᠤᠷᠪᠠᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ᠂ ᠪᠣᠷᠨᠠᠢ ᠴᠢᠨ ᠸᠠᠩ᠂ ᠯᠤᠪᠰᠠᠩ᠂ ᠠᠵᠠᠯᠠᠢ ᠯᠠᠮᠠ᠂ ᠰᠠᠩᠭᠡᠦ᠌ᠵᠢᠨ ᠯᠠᠮᠠ᠂ ᠬᠠᠯᠬ᠎ᠠ ᠬᠦᠩ ᠴᠣᠢᠵᠠᠪ᠂ ᠬᠣᠰᠢᠭᠤ ᠶ᠋ᠢ ᠵᠠᠬᠢᠷᠤᠭᠴᠢ ᠰᠠᠢᠳ ᠵᠢᠨᠵᠢᠨ᠂ ᠮᠡᠢᠷᠡᠨ ᠦ᠌ ᠵᠢᠩᠬᠢᠨᠢ  ᠪᠣᠳᠠᠷᠢ ᠨᠠᠷ ᠤᠤᠯ ᠲᠥᠯᠥᠪᠯᠡᠭᠡ ᠪᠡᠷ ᠢ᠋ᠶ᠋ᠡᠨ ᠪᠣᠰᠤᠯᠭ᠎ᠠ ᠭᠠᠷᠭᠠᠪᠠ᠃ ᠲᠡᠳᠡ ᠬᠡᠳᠦᠨ ᠮᠢᠩᠭᠠᠨ ᠴᠡᠷᠢᠭ ᠳᠠᠢᠴᠢᠯᠠᠨ (ᠳᠣᠲᠣᠷ᠎ᠠ ᠨᠢ ᠨᠠᠢ᠍ᠮᠠᠨ ᠬᠤᠰᠢᠭᠤᠨ ᠤ᠋ ᠵᠢᠶᠦ᠋ᠨ ᠸᠠᠩ ᠵᠠᠮᠰᠠ ᠪᠠᠰᠠ ᠪᠣᠢ)  ᠴᠢᠭᠤᠯᠤᠯᠲᠤ ᠬᠠᠭᠠᠯᠭ᠎ᠠ ᠶ᠋ᠢ ᠰᠢᠭᠤᠳ ᠴᠢᠭᠯᠡᠨ ᠰᠢᠦᠸᠠᠨ ᠹᠦ ᠳ᠋ᠦ᠍ ᠰᠡᠷᠭᠡᠢᠯᠡᠨ ᠰᠠᠭᠤᠭ᠎ᠠ ᠴᠠᠬᠠᠷ ᠤ᠋ᠨ ᠵᠡᠭᠦᠨ ᠭᠠᠷᠤᠨ ᠳᠥᠷᠪᠡᠨ ᠬᠤᠰᠢᠭᠤᠨ ᠤ᠋ ᠰᠤᠯᠠ ᠰᠠᠢᠳ ᠴᠣᠷᠵᠢ᠂ ᠲᠡᠷᠢᠭᠦᠨ ᠳᠡᠰ ᠦ᠋ᠨ ᠬᠢᠶ᠎ᠡ ᠠᠨᠠᠨᠳᠠ᠂ ᠵᠠᠯᠠᠨ ᠱᠦᠰᠯᠡᠨ ᠨᠠᠷ ᠲᠠᠢ ᠨᠡᠢᠯᠡᠬᠦ ᠪᠡᠷ ᠪᠡᠯᠡᠳᠬᠡᠵᠡᠢ᠃  ᠭᠡᠲᠡᠯ᠎ᠡ ᠰᠤᠯᠠ ᠰᠠᠢᠳ ᠴᠣᠷᠵᠢ᠂ ᠲᠡᠷᠢᠭᠦᠨ ᠳᠡᠰ ᠦ᠋ᠨ ᠬᠢᠶ᠎ᠡ ᠠᠨᠠᠨᠳᠠ ᠨᠠᠷ ᠠᠶᠤᠮᠰᠢᠭ ᠦᠭᠡᠢ ᠪᠡᠷ ᠵᠠᠰᠠᠭ ᠤ᠋ᠨ ᠣᠷᠳᠣᠨ᠎ᠠ᠋ᠴᠠ ᠲᠡᠷᠰᠯᠡᠵᠦ ᠴᠢᠳᠠᠬᠤ ᠦᠭᠡᠢ ᠪᠠᠢᠪᠠ᠃  ᠭᠡᠲᠡᠯ᠎ᠡ ᠴᠠᠬᠠᠷ ᠤ᠋ᠨ ᠵᠡᠭᠦᠨ ᠭᠠᠷᠤᠨ ᠳᠥᠷᠪᠡᠨ ᠬᠤᠰᠢᠭᠤᠨ ᠤ᠋ ᠨᠣᠶᠠᠳ ᠴᠡᠷᠢᠭ ᠦ᠋ᠨ ᠰᠤᠯᠠ ᠰᠠᠢᠳ ᠴᠣᠷᠵᠢ ᠶ᠋ᠢᠨ ᠬᠣᠷᠢᠭᠯᠠᠬᠤ ᠶ᠋ᠢ ᠦᠯᠦ ᠬᠠᠢᠬᠤᠷᠤᠨ᠂ ᠲᠦᠷᠬᠢᠷᠡᠯᠳᠦᠨ ᠬᠤᠪᠢᠰᠤᠯ ᠭᠠᠷᠭᠠᠭᠠᠳ ᠬᠡᠷᠡᠮ ᠢ᠋ ᠡᠪᠳᠡᠵᠦ ᠪᠣᠷᠨᠠᠢ ᠶ᠋ᠢᠨ ᠴᠡᠷᠢᠭ ᠲᠦ᠍ ᠳᠠᠭᠠᠬᠤ ᠪᠠᠷ ᠶᠠᠪᠤᠵᠠᠢ [40]᠃  ᠭᠤᠷᠪᠠᠳᠤᠭᠠᠷ ᠰᠠᠷ᠎ᠠ ᠶ᠋ᠢᠨ ᠬᠣᠷᠢᠨ ᠳᠣᠯᠣᠭᠠᠨ ᠤ᠋ ᠡᠳᠦᠷ᠂ ᠪᠣᠷᠨᠠᠢ ᠶ᠋ᠢᠨ ᠪᠣᠰᠤᠯᠭ᠎ᠠ ᠶ᠋ᠢᠨ ᠴᠡᠷᠢᠭ  ᠴᠢᠭᠤᠯᠤᠯᠲᠤ ᠬᠠᠭᠠᠯᠭ᠎ᠠ ᠶ᠋ᠢᠨ ᠠᠷᠤ ᠳ᠋ᠠᠬᠢ ᠤᠰᠢᠰᠢ ᠭᠡᠳᠡᠭ ᠭᠠᠵᠠᠷ ᠬᠦᠷᠴᠦ᠂ ᠲᠡᠨᠳᠡᠬᠢ ᠬᠠᠭᠠᠨ ᠤ᠋ ᠰᠦᠷᠦᠭ  ᠪᠣᠯᠤᠨ ᠶᠡᠬᠡ  ᠰᠠᠢᠳ ᠤ᠋ᠨ ᠰᠦᠷᠦᠭ ᠦ᠋ᠳ ᠢ᠋ ᠶᠡᠬᠡ ᠪᠡᠷ ᠤᠤᠯᠭᠠᠯᠠᠪᠠ [41]᠃ ᠲᠡᠭᠡᠭᠡᠳ ᠴᠢᠭᠤᠯᠤᠯᠲᠤ ᠬᠠᠭᠠᠯᠭ᠎ᠠ ᠵᠦᠭ ᠠᠭᠠᠵᠢᠮ ᠢ᠋ᠶ᠋ᠠᠷ ᠳᠥᠭᠥᠵᠡᠢ᠃ 
       ᠲᠡᠷᠡ ᠬᠢᠷᠢ ᠳ᠋ᠦ᠍ ᠨᠡᠢᠰᠯᠡᠯ ᠦ᠋ᠨ ᠨᠠᠢ᠍ᠮᠠᠨ ᠬᠤᠰᠢᠭᠤᠨ ᠤ᠋ ᠴᠡᠷᠢᠭ ᠢ᠋ ᠪᠦᠬᠦᠨ ᠢ᠋ᠶ᠋ᠡᠷ ᠡᠮᠦᠨᠡᠰᠢ ᠢᠯᠡᠭᠡᠭᠰᠡᠨ ᠲᠤᠯᠠ ᠪᠣᠷᠨᠠᠢ ᠶ᠋ᠢ ᠳᠠᠢᠯᠠᠬᠤ ᠴᠡᠷᠢᠭ ᠭᠠᠷᠭᠠᠬᠤ ᠳ᠋ᠤ᠌ ᠬᠦᠴᠢᠷᠲᠡᠢ ᠪᠣᠯᠪᠠ᠃ ᠡᠩᠬᠡ ᠠᠮᠤᠭᠤᠯᠠᠩ ᠬᠠᠭᠠᠨ ᠬᠠᠷᠠᠬᠠᠨ ᠰᠡᠳᠬᠢᠯ ᠵᠣᠪᠠᠵᠤ ᠰᠠᠭᠤᠲᠠᠯ᠎ᠠ᠂ ᠲᠡᠭᠦᠨ ᠦ᠌ ᠡᠮᠡᠭᠡ ᠡᠬᠡ ᠨᠢ ᠪᠢᠴᠢᠭ ᠦ᠋ᠨ ᠡᠷᠭᠢᠨ ᠰᠠᠢᠳ ᠲᠤᠬᠠᠢ ᠶ᠋ᠢ ᠶᠡᠷᠦ ᠪᠤᠰᠤ ᠶ᠋ᠢᠨ ᠴᠢᠳᠠᠪᠤᠷᠢ ᠲᠠᠢ ᠬᠥᠮᠦᠨ ᠭᠡᠮᠡᠨ ᠳᠡᠪᠰᠢᠭᠦᠯᠦᠨ ᠲᠠᠨᠢᠯᠴᠠᠭᠤᠯᠵᠠᠢ᠃  ᠲᠡᠭᠦᠨᠴᠡ ᠢᠲᠡᠭᠡᠮᠵᠢᠲᠦ ᠲᠥᠷᠥ ᠶ᠋ᠢᠨ ᠵᠢᠶᠦ᠋ᠨ ᠸᠠᠩ ᠠ᠋ᠴᠠ ᠬᠣᠯᠠᠳᠠᠬᠢᠨ ᠢ᠋ ᠠᠮᠤᠷᠵᠢᠭᠤᠯᠤᠭᠴᠢ ᠶᠡᠬᠡ ᠵᠠᠩᠵᠤᠨ ᠪᠣᠯᠭᠠᠵᠤ᠂ ᠪᠢᠴᠢᠭ ᠦ᠋ᠨ ᠡᠷᠭᠢᠨ ᠰᠠᠢᠳ ᠲᠤᠤᠬᠠᠢ ᠶ᠋ᠢ ᠳᠡᠳ᠋ ᠵᠠᠩᠵᠤᠨ ᠪᠣᠯᠭᠠᠨ ᠪᠣᠷᠨᠠᠢ ᠶ᠋ᠢ ᠲᠦᠪᠰᠢᠳᠬᠦ ᠭᠡᠪᠡ᠃ ᠳᠡᠳ᠋ ᠵᠠᠩᠵᠤᠨ ᠤ᠋ ᠲᠤᠬᠠᠢ ᠦᠨᠡᠬᠡᠷ ᠠᠷᠭ᠎ᠠ ᠰᠠᠮᠪᠠᠭ᠎ᠠ ᠲᠠᠢ ᠬᠥᠮᠦᠨ ᠠᠵᠠᠢ᠃ ᠲᠡᠷᠡ ᠨᠡᠢᠰᠯᠡᠯ ᠬᠣᠲᠠᠨ ᠳ᠋ᠤ᠌ ᠪᠦᠬᠦᠢ ᠮᠠᠨᠵᠤ ᠮᠣᠩᠭᠣᠯ ᠨᠠᠢ᠍ᠮᠠᠨ ᠬᠤᠰᠢᠭᠤᠨ ᠤ᠋ ᠰᠠᠢᠳ ᠨᠣᠶᠠᠳ ᠤ᠋ᠨ ᠭᠡᠷ ᠦᠷᠭᠦᠭᠡᠨ ᠳ᠋ᠦ᠍ ᠵᠠᠷᠤᠭᠳᠠᠵᠤ ᠭᠠᠯ ᠬᠢᠬᠦ᠂ ᠮᠣᠷᠢ ᠲᠡᠵᠢᠭᠡᠬᠦ᠂  ᠬᠦᠷᠢᠶ᠎ᠡ ᠱᠦᠭᠦᠷᠳᠡᠬᠦ ᠪᠣᠭᠣᠯᠴᠤᠳ ᠢ᠋ ᠴᠢᠳᠠᠬᠤ ᠶ᠋ᠢᠨ ᠬᠢᠷᠢ ᠪᠡᠷ ᠴᠤᠭᠯᠠᠭᠤᠯᠤᠭᠠᠳ ᠵᠡᠪᠰᠡᠭ ᠣᠯᠭᠣᠵᠤ ᠮᠣᠷᠳᠠᠨ ᠭᠠᠷᠪᠠ᠃ ᠴᠢᠭᠤᠯᠤᠯᠲᠤ ᠬᠠᠭᠠᠯᠭ᠎ᠠ ᠵᠦᠭ ᠠᠶᠠᠯᠠᠬᠤ ᠵᠠᠮ ᠳ᠋ᠠᠭᠠᠨ᠂ ᠳᠠᠭᠠᠷᠢᠨ ᠥᠩᠭᠡᠷᠡᠬᠦ ᠵᠧᠦ ᠰᠢᠶᠠᠨ ᠤ᠋ ᠠᠢᠯ ᠲᠣᠰᠬᠣᠨ ᠢ᠋ ᠳᠤᠷ᠎ᠠ ᠲᠠᠪᠠ ᠪᠠᠷ ᠪᠤᠯᠢᠶᠠᠨ ᠤᠤᠯᠭᠠᠯᠠᠭᠲᠤᠨ ᠭᠡᠵᠦ ᠵᠠᠩᠵᠤᠨ ᠲᠤᠬᠠᠢ ᠵᠠᠷᠯᠢᠭ ᠪᠠᠭᠤᠯᠭᠠᠵᠠᠢ᠃  ᠴᠡᠷᠢᠭ ᠦ᠋ᠨ ᠰᠠᠬᠢᠯᠭ᠎ᠠ ᠬᠡᠮᠡᠬᠦ ᠶ᠋ᠢ ᠦᠯᠦ ᠮᠡᠳᠡᠬᠦ ᠲᠡᠳᠡᠭᠡᠷ ᠬᠣᠪᠳᠣᠭ ᠪᠣᠭᠣᠯᠴᠤᠳ ᠠᠢᠯ ᠲᠣᠰᠬᠣᠨ ᠵᠦᠭ ᠪᠦᠯᠦᠭ ᠪᠦᠯᠦᠭ ᠢ᠋ᠶ᠋ᠡᠷ ᠳᠠᠭᠠᠷᠢᠨ ᠣᠷᠣᠵᠤ᠂ ᠰᠠᠨᠠᠭ᠎ᠠ ᠪᠠᠨ ᠬᠠᠨᠠᠲᠠᠯ᠎ᠠ ᠤᠤᠯᠭᠠᠯᠠᠵᠤ ᠪᠥᠮᠪᠥᠷᠢᠲᠡᠯ᠎ᠡ ᠡᠭᠦᠷᠴᠢ᠃  ᠴᠢᠭᠤᠯᠤᠯᠲᠤ ᠬᠠᠭᠠᠯᠭ᠎ᠠ ᠭᠠᠷᠤᠭᠰᠠᠨ ᠤ᠋ ᠳᠠᠷᠠᠭ᠎ᠠ᠂  ᠪᠣᠭᠣᠯᠴᠤᠳ ᠤ᠋ᠨ ᠤᠷᠮᠠᠰᠢᠯ ᠢ᠋ ᠤᠯᠠᠮ ᠢ᠋ᠶ᠋ᠠᠷ ᠳᠡᠭᠳᠡᠭᠡᠬᠦ ᠭᠡᠮᠡᠨ ᠴᠠᠬᠠᠷ ᠤ᠋ᠨ ᠭᠠᠵᠠᠷ ᠳᠤ ᠶᠤᠸᠠᠨ ᠤᠯᠤᠰ ᠤ᠋ᠨ ᠬᠡᠳᠦᠨ ᠵᠠᠭᠤᠨ ᠣᠨ ᠤ᠋ ᠡᠳ᠋ ᠡᠷᠳᠡᠨᠢᠰ ᠲᠣᠭᠠᠯᠠᠰᠢ ᠦᠭᠡᠢ ᠣᠯᠠᠨ ᠪᠣᠢ᠂ ᠲᠠᠨᠤᠰ ᠣᠯᠪᠠᠰᠤ ᠨᠢᠭᠡᠨ ᠨᠠᠰᠤ ᠪᠠᠷ ᠪᠠᠶᠠᠨ ᠡᠯᠪᠡᠭ ᠶᠠᠪᠤᠮᠤᠢ ᠭᠡᠵᠦ ᠵᠠᠩᠵᠤᠨ ᠲᠤᠬᠠᠢ ᠤᠬᠠᠭᠤᠯᠵᠠᠢ[42]᠃ ᠪᠣᠭᠣᠯᠴᠤᠳ ᠳᠡᠪᠬᠡᠷᠦᠨ ᠪᠠᠶᠠᠷᠯᠠᠵᠤ᠂ ᠳᠠᠢᠯᠠᠬᠤ ᠤᠷᠮ᠎ᠠ ᠶᠡᠬᠡᠯ᠎ᠡ ᠪᠠᠳᠠᠷᠠᠵᠠᠢ᠃ 
       1675 ᠣᠨ ᠤ᠋ ᠳᠥᠷᠪᠡᠳᠦᠭᠡᠷ ᠰᠠᠷ᠎ᠠ ᠶ᠋ᠢᠨ ᠬᠣᠷᠢᠨ ᠨᠢᠭᠡᠨ ᠦ᠌ ᠡᠳᠦᠷ᠂ ᠵᠠᠩᠵᠤᠨ ᠡᠵᠡᠨ ᠪᠣᠯᠤᠨ ᠲᠤᠬᠠᠢ ᠶ᠋ᠢᠨ ᠴᠡᠷᠢᠭ ᠴᠷᠬᠠᠰᠤ ᠭᠡᠳᠡᠭ ᠭᠠᠵᠠᠷ ᠬᠦᠷᠦᠭᠡᠳ ᠪᠣᠷᠨᠠᠢ ᠴᠢᠨ ᠸᠠᠩ ᠤ᠋ᠨ ᠴᠡᠷᠢᠭ ᠳᠠᠯᠤ ᠭᠡᠳᠡᠭ ᠭᠠᠵᠠᠷ ᠬᠦᠷᠢᠶ᠎ᠡ ᠪᠠᠭᠤᠭᠰᠠᠨ ᠢ᠋ ᠲᠠᠩᠨᠠᠨ ᠮᠡᠳᠡᠪᠡ᠃ ᠳᠥᠷᠪᠡᠳᠦᠭᠡᠷ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠲᠡᠳᠡᠨ ᠦ᠌ ᠴᠡᠷᠢᠭ ᠳᠠᠯᠤ ᠳ᠋ᠤ᠌ ᠬᠦᠷᠴᠦ ᠢᠷᠡᠵᠡᠢ᠃ ᠴᠢᠨ ᠸᠠᠩ ᠪᠣᠷᠨᠠᠢ ᠬᠡᠳᠦᠨ ᠮᠢᠩᠭᠠᠨ ᠴᠡᠷᠢᠭ ᠢ᠋ᠶ᠋ᠡᠷ ᠳᠠᠭᠠᠭᠤᠯᠤᠨ ᠠᠭᠤᠯᠠᠨ ᠤ᠋ ᠵᠡᠪᠡ ᠳ᠋ᠦ᠍ ᠪᠦᠭᠭᠦᠵᠦ ᠪᠠᠢᠲᠠᠯ᠎ᠠ᠂ ᠵᠠᠩᠵᠤᠨ ᠲᠤᠬᠠᠢ ᠶᠡᠬᠡ ᠴᠡᠷᠢᠭ ᠢ᠋ᠶ᠋ᠡᠨ ᠤᠳᠤᠷᠢᠳᠤᠨ ᠬᠦᠴᠦᠲᠡᠢ ᠳᠠᠭᠠᠷᠢᠯᠲᠠ ᠬᠢᠪᠡ᠃ ᠪᠣᠷᠨᠠᠢ ᠶ᠋ᠢᠨ ᠴᠡᠷᠢᠭ ᠵᠢᠭᠰᠠᠭᠠᠯ ᠤ᠋ᠨ ᠬᠥᠯ ᠢ᠋ᠶ᠋ᠡᠨ ᠦᠯᠦ  ᠠᠯᠲᠠᠨ ᠭᠠᠯ ᠫᠤᠤ ᠪᠠᠷ ᠭᠡᠳᠡᠷᠭᠦ ᠴᠣᠬᠢᠯᠲᠠ ᠥᠭᠴᠦ᠂ ᠳᠠᠢᠰᠤᠨ ᠡᠲᠡᠭᠡᠳ ᠢ᠋ᠶ᠋ᠡᠨ ᠨᠡᠯᠢᠶᠡᠳ ᠣᠯᠠᠨ ᠠᠯᠠᠵᠤ ᠰᠢᠷᠬᠠᠲᠤᠭᠤᠯᠵᠠᠢ᠃ ᠠᠰᠢᠭ ᠣᠯᠵᠤ ᠲᠦᠷᠭᠡᠨ ᠪᠠᠶᠠᠵᠢᠬᠤ  ᠭᠡᠮᠡᠨ ᠨᠢᠭᠡᠨ ᠰᠡᠳᠬᠢᠯ ᠢ᠋ᠶ᠋ᠡᠷ ᠪᠣᠳᠣᠵᠤ ᠪᠠᠢᠭ᠎ᠠ ᠪᠣᠭᠣᠯᠴᠤᠳ ᠮᠠᠰᠢ ᠡᠷᠡᠯᠬᠡᠭ ᠢ᠋ᠶ᠋ᠡᠷ ᠪᠣᠷᠨᠠᠢ ᠶ᠋ᠢᠨ ᠵᠢᠭᠰᠠᠭᠠᠯ ᠢ᠋ ᠳᠠᠭᠠᠷᠢᠨ ᠡᠪᠳᠡᠪᠡ᠃ ᠴᠢᠨ ᠸᠠᠩ ᠪᠣᠷᠨᠠᠢ ᠮᠠᠰᠢ ᠠᠭᠤᠷᠯᠠᠵᠤ ᠴᠡᠷᠢᠭ ᠢ᠋ᠶ᠋ᠡᠨ ᠬᠣᠶᠠᠷᠲᠠ ᠵᠣᠬᠢᠶᠠᠨ ᠪᠠᠢᠭᠤᠯᠵᠤ ᠡᠷᠡᠯᠬᠡᠭ ᠢ᠋ᠶ᠋ᠡᠷ ᠲᠡᠮᠡᠴᠡᠵᠡᠢ᠃ ᠭᠡᠲᠡᠯ᠎ᠡ ᠠᠮᠢ ᠪᠡᠶ᠎ᠡ ᠪᠡᠨ ᠦᠯᠦ ᠬᠠᠢᠬᠤᠷᠬᠤ ᠪᠣᠭᠣᠯᠴᠤᠳ ᠤ᠋ᠨ ᠵᠠᠯᠭᠠᠪᠠᠷ ᠳᠠᠭᠠᠷᠢᠬᠤ ᠶ᠋ᠢ ᠦᠯᠦ ᠲᠡᠰᠪᠦᠷᠢᠯᠡᠨ᠂ ᠬᠠᠯᠬ᠎ᠠ ᠬᠦᠩ ᠴᠣᠢᠵᠠᠪ ᠤᠷᠢᠳᠠᠪᠡᠷ ᠤᠬᠤᠷᠢᠨ ᠳᠤᠲᠠᠭᠠᠪᠠ᠃ ᠳᠠᠷᠠᠭ᠎ᠠ ᠳ᠋ᠤᠨᠢ ᠬᠣᠰᠢᠭᠤ ᠶ᠋ᠢ ᠵᠠᠬᠢᠷᠤᠭᠴᠢ ᠰᠠᠢᠳ ᠵᠢᠨᠵᠢᠨ ᠬᠡᠰᠡᠭ ᠬᠥᠮᠦᠰ ᠢ᠋ᠶ᠋ᠡᠨ ᠳᠠᠢᠴᠢᠯᠠᠨ ᠲᠤᠬᠠᠢ ᠶ᠋ᠢᠨ ᠴᠡᠷᠢᠭ ᠲᠦ᠍ ᠪᠠᠭᠤᠵᠤ ᠥᠭᠭᠦᠭᠡᠳ ᠴᠠᠬᠠᠷ ᠴᠡᠷᠢᠭ ᠦ᠋ᠨ ᠤᠷᠮ᠎ᠠ ᠶ᠋ᠢ ᠮᠠᠰᠢ ᠨᠥᠯᠥᠭᠡᠯᠡᠵᠦ᠂ ᠡᠴᠦᠰ ᠲᠡᠭᠡᠨ ᠢᠯᠠᠭᠳᠠᠨ ᠪᠤᠲᠠᠷᠠᠵᠠᠢ᠃ ᠴᠢᠨ ᠸᠠᠩ ᠪᠣᠷᠨᠠᠢ ᠪᠣᠯᠤᠨ ᠯᠤᠪᠰᠠᠩ ᠨᠠᠷ ᠰᠢᠳᠠᠷ ᠴᠡᠷᠢᠭ ᠭᠤᠴᠢᠨ ᠬᠥᠮᠦᠨ ᠢ᠋ ᠳᠠᠭᠠᠭᠤᠯᠤᠨ ᠪᠦᠰᠡᠯᠡᠯᠲᠡ ᠶ᠋ᠢ ᠰᠢᠪᠲᠤᠯᠤᠨ ᠭᠠᠷᠤᠭᠠᠳ ᠵᠡᠭᠦᠨ ᠬᠣᠢᠰᠢ ᠵᠠᠷᠤᠳ ᠤ᠋ᠨ ᠬᠢᠯᠢ ᠵᠦᠭ ᠳᠤᠲᠠᠭᠠᠪᠠ᠃ ᠲᠡᠷᠡ ᠬᠢᠷᠢ ᠳ᠋ᠦ᠍ ᠬᠣᠷᠴᠢᠨ ᠤ᠋ ᠲᠦᠰᠢᠶᠡᠲᠦ ᠡᠹᠦ᠋ ᠵᠠᠷᠯᠢᠭ ᠢ᠋ᠶ᠋ᠠᠷ ᠵᠠᠷᠤᠳ ᠤ᠋ᠨ ᠭᠦᠢᠯᠡᠰᠦᠳᠠᠢ ᠬᠡᠮᠡᠬᠦ ᠭᠠᠵᠠᠷ ᠳᠤ ᠲᠡᠳᠡᠨ ᠢ᠋ ᠪᠦᠰᠡᠯᠡᠨ ᠠᠪᠴᠠᠢ᠃ ᠯᠤᠪᠰᠠᠩ ᠲᠠᠢᠵᠢ ᠪᠣᠯ ᠡᠹᠦ᠋ ᠱᠠᠵᠢᠨ ᠤ᠋ ᠳᠡᠭᠦᠦ ᠬᠦᠷᠭᠡᠨ ᠪᠢᠯᠡ᠃ ᠯᠤᠪᠰᠠᠩ ᠴᠡᠷᠢᠭ ᠦ᠋ᠨ ᠡᠮᠦᠨ᠎ᠡ ᠢᠷᠡᠵᠦ ᠠᠮᠢ ᠬᠡᠯᠲᠦᠷᠢᠬᠦ ᠶ᠋ᠢ ᠭᠤᠶᠤᠭᠰᠠᠨ ᠳ᠋ᠤ᠌[43] ᠲᠡᠷᠡ ᠪᠣᠷᠨᠠᠢ ᠶ᠋ᠢ ᠳᠠᠭᠤᠳᠠᠵᠤ ᠠᠪᠴᠢᠷᠠᠭᠲᠤᠨ ᠭᠡᠪᠡ᠃ ᠪᠣᠷᠨᠠᠢ ᠪᠣᠯᠤᠨ ᠯᠤᠪᠰᠠᠩ ᠪᠠᠢᠳᠠᠯ ᠪᠤᠰᠤ ᠶ᠋ᠢ ᠦᠵᠡᠭᠡᠳ ᠵᠢᠭᠤᠲᠠᠭᠰᠠᠨ ᠳ᠋ᠤ᠌ ᠡᠹᠦ᠋ ᠱᠠᠵᠢᠨ ᠮᠥᠷᠳᠡᠨ ᠨᠡᠬᠡᠮᠵᠢᠯᠡᠵᠦ ᠲᠡᠳᠡᠨ ᠢ᠋ ᠬᠠᠷᠪᠤᠵᠤ ᠠᠯᠠᠪᠠ᠃ ᠬᠤᠪᠢᠰᠤᠯ ᠤ᠋ᠨ ᠳᠠᠷᠠᠭ᠎ᠠ᠂ ᠪᠣᠷᠨᠠᠢ ᠪᠣᠯᠤᠨ ᠯᠤᠪᠰᠠᠩ ᠤ᠋ᠨ ᠡᠴᠢᠭᠡ ᠠᠪᠤᠨᠠᠢ ᠶ᠋ᠢ ᠴᠠᠭᠠᠵᠠ ᠪᠠᠷ ᠪᠣᠭᠣᠮᠢᠯᠠᠨ ᠠᠯᠠᠵᠠᠢ᠃  

ᠵᠡᠭᠦᠯᠲᠡ      
[1] ᠵᠢᠮᠪᠠᠳᠣᠷᠵᠢ᠄《 ᠪᠣᠯᠣᠷ ᠲᠣᠯᠢ》 ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂1984 ᠣᠨ᠂474 ᠨᠢᠭᠤᠷ᠃      
[2][3][4][5][6]   ᠳ᠋ᠾᠠᠷᠠᠮ᠎ᠠ ᠭᠦᠦᠰᠢ᠄《ᠠᠯᠲᠠᠨ ᠬᠦᠷᠳᠦᠨ ᠮᠢᠩᠭᠠᠨ ᠬᠡᠭᠡᠰᠦᠲᠦ》᠂ ᠴᠣᠢᠵᠢ ᠬᠠᠷᠭᠤᠭᠤᠯᠤᠨ ᠵᠡᠭᠦᠯᠲᠡ  ᠬᠢᠭᠰᠡᠨ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂1987 ᠣᠨ᠂149᠂342 ᠨᠢᠭᠤᠷ᠃          
[7] ᠸᠠᠩ ᠰᠢᠶᠠᠨ ᠴᠢᠶᠠᠨ᠄《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠲᠩᠷᠢ ᠶ᠋ᠢᠨ ᠰᠡᠴᠡᠨ ᠦ᠌ ᠶᠢᠰᠦᠳᠦᠭᠡᠷ ᠣᠨ ᠤ᠋ ᠴᠠᠭᠠᠨ ᠰᠠᠷ᠎ᠠ ᠶ᠋ᠢᠨ ᠬᠠᠷᠠᠭᠴᠢᠨ ᠲᠠᠬᠢᠶ᠎ᠠ ᠡᠳᠦᠷ ᠦ᠋ᠨ ᠵᠤᠷᠪᠤᠰ᠃         
[8]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》 ᠲᠩᠷᠢ ᠶ᠋ᠢᠨ ᠰᠡᠴᠡᠨ ᠦ᠌ ᠨᠠᠢ᠍ᠮᠠᠳᠤᠭᠠᠷ  ᠣᠨ ᠤ᠋ ᠨᠠᠢ᠍ᠮᠠᠨ ᠰᠠᠷ᠎ᠠ ᠶ᠋ᠢᠨ ᠴᠠᠭᠠᠭᠴᠢᠨ ᠦᠬᠡᠷ ᠡᠳᠦᠷ ᠦ᠋ᠨ ᠵᠤᠷᠪᠤᠰ᠃         
[9]《ᠶᠡᠬᠡ ᠰᠢᠷ᠎ᠠ ᠲᠣᠭᠣᠵᠢ》᠂ ᠮᠤᠰᠸᠺᠸᠠ᠂ ᠯᠸᠨᠢᠩᠷᠡᠳᠡᠸ ᠦ᠋ᠨ ᠬᠡᠪᠯᠡᠯ᠂1957 ᠣᠨ ᠂74 ᠨᠢᠭᠤᠷ᠃         
[10][11]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠡᠷᠳᠡᠮᠲᠦ ᠶ᠋ᠢᠨ ᠲᠡᠷᠢᠭᠦᠨ ᠣᠨ ᠤ᠋ ᠳᠣᠯᠣᠭᠠᠨ ᠰᠠᠷ᠎ᠠ ᠶ᠋ᠢᠨ ᠤᠯᠠᠭᠠᠨ ᠯᠤᠤ ᠡᠳᠦᠷ ᠦ᠋ᠨ ᠵᠤᠷᠪᠤᠰ᠃         
[12] ᠰᠠᠭᠠᠩ ᠰᠡᠴᠡᠨ᠄《ᠡᠷᠳᠡᠨᠢ ᠶ᠋ᠢᠨ ᠲᠣᠪᠴᠢ》 ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂1981 ᠣᠨ387 ᠨᠢᠭᠤᠷ ᠃          
[13]  ᠳ᠋ᠾᠠᠷᠠᠮ᠎ᠠ ᠭᠦᠦᠰᠢ᠄《ᠠᠯᠲᠠᠨ ᠬᠦᠷᠳᠦᠨ ᠮᠢᠩᠭᠠᠨ ᠬᠡᠭᠡᠰᠦᠲᠦ》148 ᠳ᠋ᠤᠭᠠᠷ ᠨᠢᠭᠤᠷ᠃          
[14]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》 ᠲᠩᠷᠢ ᠶ᠋ᠢᠨ ᠰᠡᠴᠡᠨ ᠦ᠌ ᠨᠠᠢ᠍ᠮᠠᠳᠤᠭᠠᠷ ᠣᠨ ᠤ᠋ ᠠᠷᠪᠠᠨ ᠬᠣᠶᠠᠷ ᠰᠠᠷ᠎ᠠ ᠶ᠋ᠢᠨ ᠤᠯᠠᠭᠴᠢᠨ ᠲᠠᠬᠢᠶ᠎ᠠ ᠡᠳᠦᠷ ᠦ᠋ᠨ ᠵᠤᠷᠪᠤᠰ᠃        
[15]《 ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂12 ᠳ᠋ᠤᠭᠠᠷ ᠪᠣᠳᠢ ᠃      
[16][17][18][19] 《 ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂7 ᠳ᠋ᠤᠭᠠᠷ ᠪᠣᠳᠢ ᠃  
[20]《ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂16 ᠳ᠋ᠤᠭᠠᠷ ᠪᠣᠳᠢ᠃      
[21] ᠂[22] 《ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂7 ᠳ᠋ᠤᠭᠠᠷ ᠪᠣᠳᠢ᠃      
[23][24]᠂《ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂18 ᠳ᠋ᠤᠭᠠᠷ ᠪᠣᠳᠢ᠃     
[25][26][27][28][29]《ᠬᠠᠭᠠᠨ ᠤ᠋ ᠴᠢᠩ ᠤᠯᠤᠰ ᠢ᠋ ᠡᠭᠦᠳᠦᠭᠰᠡᠨ ᠪᠣᠳᠣᠯᠭ᠎ᠠ ᠶ᠋ᠢᠨ ᠪᠢᠴᠢᠭ》᠂11 ᠳ᠋ᠦ᠍ᠭᠡᠷ ᠪᠣᠳᠢ᠃ 
[30]᠂ ᠳᠡᠭᠡᠷᠡᠬᠢ ᠲᠡᠢ ᠠᠳᠠᠯᠢ᠂12 ᠳ᠋ᠤᠭᠠᠷ ᠪᠣᠳᠢ᠃     
[31] ᠳᠡᠭᠡᠷᠡᠬᠢ ᠲᠡᠢ ᠠᠳᠠᠯᠢ16 ᠳ᠋ᠤᠭᠠᠷ ᠪᠣᠳᠢ᠃    
[32][33]᠂ ᠵᠢᠮᠪᠠᠳᠣᠷᠵᠢ᠄《ᠪᠣᠯᠣᠷ ᠲᠣᠯᠢ》᠂484 ᠳ᠋ᠦ᠍ᠭᠡᠷ ᠨᠢᠭᠤᠷ᠃      
[34]᠂《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠲᠩᠷᠢ ᠶ᠋ᠢᠨ ᠰᠡᠴᠡᠨ ᠦ᠌ ᠠᠷᠪᠠᠳᠤᠭᠠᠷ ᠣᠨ ᠤ᠋ ᠴᠠᠭᠠᠨ ᠰᠠᠷ᠎ᠠ ᠶ᠋ᠢᠨ ᠬᠠᠷ᠎ᠠ ᠨᠣᠬᠠᠢ ᠡᠳᠦᠷ ᠦ᠋ᠨ ᠵᠤᠷᠪᠤᠰ᠃      
[35]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠲᠩᠷᠢ ᠶ᠋ᠢᠨ ᠰᠡᠴᠡᠨ ᠦ᠌ ᠠᠷᠪᠠᠳᠤᠭᠠᠷ ᠣᠨ ᠤ᠋ ᠬᠣᠶᠠᠷ ᠰᠠᠷ᠎ᠠ ᠶ᠋ᠢᠨ ᠴᠠᠭᠠᠭᠴᠢᠨ ᠦᠬᠡᠷ ᠡᠳᠦᠷ ᠦ᠋ᠨ ᠵᠤᠷᠪᠤᠰ᠃    
[36] ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠲᠩᠷᠢ ᠶ᠋ᠢᠨ ᠰᠡᠴᠡᠨ ᠦ᠌  ᠶᠢᠰᠦᠳᠦᠭᠡᠷ ᠣᠨ ᠤ᠋ ᠴᠠᠭᠠᠨ ᠰᠠᠷ᠎ᠠ ᠶ᠋ᠢᠨ ᠬᠠᠷᠠᠭᠴᠢᠨ ᠲᠠᠬᠢᠶ᠎ᠠ ᠡᠳᠦᠷ ᠦ᠋ᠨ ᠵᠤᠷᠪᠤᠰ᠃     
[37]᠂《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠲᠩᠷᠢ ᠶ᠋ᠢᠨ ᠰᠡᠴᠡᠨ ᠦ᠌ ᠶᠢᠰᠦᠳᠦᠭᠡᠷ ᠣᠨ ᠤ᠋ ᠳᠣᠯᠣᠭᠠᠨ ᠰᠠᠷ᠎ᠠ ᠶ᠋ᠢᠨ ᠰᠢᠷ᠎ᠠ ᠯᠤᠤ ᠡᠳᠦᠷ ᠦ᠋ᠨ ᠵᠤᠷᠪᠤᠰ᠃     
[38] 《ᠳᠣᠷᠣᠨᠠᠲᠤ ᠭᠡᠷᠡᠯᠲᠦ  ᠬᠠᠭᠠᠯᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ ᠤ᠋ ᠲᠠᠪᠤᠨ ᠰᠠᠷ᠎ᠠ ᠶ᠋ᠢᠨ ᠬᠥᠬᠡᠭᠴᠢᠨ ᠦᠬᠡᠷ ᠡᠳᠦᠷ ᠦ᠋ᠨ ᠵᠤᠷᠪᠤᠰ᠃     
[39]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ ᠤ᠋ ᠭᠤᠷᠪᠠᠨ ᠰᠠᠷ᠎ᠠ ᠶ᠋ᠢᠨ ᠤᠯᠠᠭᠴᠢᠨ ᠭᠠᠬᠠᠢ ᠡᠳᠦᠷ ᠦ᠋ᠨ ᠵᠤᠷᠪᠤᠰ᠃     
[40]᠂[41]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ ᠤ᠋ ᠳᠥᠷᠪᠡᠨ ᠰᠠᠷ᠎ᠠ ᠶ᠋ᠢᠨ ᠤᠯᠠᠭᠠᠭᠴᠢᠨ ᠮᠣᠭᠠᠢ ᠡᠳᠦᠷ ᠦ᠋ᠨ ᠵᠤᠷᠪᠤᠰ᠂ ᠰᠢᠷ᠎ᠠ ᠮᠣᠷᠢ ᠡᠳᠦᠷ ᠦ᠋ᠨ ᠵᠤᠷᠪᠤᠰ᠃  
[42]  ᠤ᠋ ᠯᠤᠸᠠᠨ ᠵᠠᠩ᠄《ᠴᠢᠩ ᠤᠯᠤᠰ ᠤ᠋ᠨ ᠲᠡᠦᠬᠡ ᠶ᠋ᠢᠨ ᠲᠣᠯᠢ》(ᠳᠡᠭᠡᠳᠦ)᠂ ᠱᠠᠩᠬᠠᠢ ᠶ᠋ᠢᠨ ᠨᠣᠮ ᠤ᠋ᠨ ᠰᠠᠩ ᠤ᠋ᠨ ᠬᠡᠪᠯᠡᠯ᠂1985 ᠣᠨ᠂ 210 ᠨᠢᠭᠤᠷ᠃ 
[43]《ᠳᠣᠷᠣᠨᠠᠲᠤ ᠭᠡᠷᠡᠯᠲᠦ ᠬᠠᠭᠠᠯᠭᠠᠨ ᠤ᠋ ᠲᠡᠮᠳᠡᠭᠯᠡᠯ》᠂ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ ᠤ᠋ ᠲᠠᠪᠤᠨ ᠰᠠᠷ᠎ᠠ ᠶ᠋ᠢᠨ ᠴᠠᠭᠠᠭᠴᠢᠨ ᠲᠠᠬᠢᠶ᠎ᠠ ᠡᠳᠦᠷ ᠦ᠋ᠨ ᠵᠤᠷᠪᠤᠰ᠃