ᠲᠡᠷᠡ ᠴᠠᠭ ᠰᠠᠢᠬᠠᠨ ᠪᠠᠢᠭᠰᠠᠨ ᠶᠤᠮ -ᠰ᠂ ᠵᠠᠮᠢᠶᠠᠨ Тэр цаг сайхан байсан юм-С,Жамъян ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠷᠡ ᠴᠠᠭ ᠰᠠᠢᠬᠠᠨ ᠪᠠᠢᠭᠰᠠᠨ ᠶᠤᠮ -ᠰ᠂ ᠵᠠᠮᠢᠶᠠᠨ Тэр цаг сайхан байсан юм-С,Жамъян

ᠲᠡᠷᠡ ᠴᠠᠭ ᠰᠠᠢᠬᠠᠨ ᠪᠠᠢᠭᠰᠠᠨ ᠶᠤᠮ -ᠰ᠂ ᠵᠠᠮᠢᠶᠠᠨ Тэр цаг сайхан байсан юм-С,Жамъян

2026-06-11

127

ᠲᠡᠷᠡ ᠴᠠᠭ ᠰᠠᠢᠬᠠᠨ ᠪᠠᠢᠭᠰᠠᠨ ᠶᠤᠮ


   ᠰᠢᠯᠦᠭ᠄ ᠰ᠂ ᠵᠠᠮᠢᠶᠠᠨ 
   ᠤᠶᠠᠩᠭᠠᠯᠠᠭᠴᠢ᠄ ᠰ᠂ ᠵᠠᠮᠢᠶᠠᠨ 
   ᠰᠡᠭᠦᠳᠡᠷᠯᠡᠭᠴᠢ᠄ ᠰ᠂ ᠵᠠᠮᠢᠶᠠᠨ  
   ᠹᠢᠯᠢᠮ ᠦᠢᠯᠡᠳᠦᠭᠴᠢ᠄ ᠠᠯᠢᠶᠠᠬᠦᠦ 

 ᠲᠡᠷᠡ ᠴᠠᠭ ᠰᠠᠢᠬᠠᠨ ᠪᠠᠢᠯ᠎ᠠ 
 ᠲᠩᠷᠢ ᠨᠢ ᠴᠡᠯᠮᠡᠭ ᠠᠭᠠᠷ ᠨᠢ ᠴᠡᠪᠡᠷ 
 ᠠᠭᠤᠯᠠ ᠨᠢ ᠴᠡᠩᠬᠡᠷ ᠤᠰᠤ ᠨᠢ ᠲᠤᠩᠭᠠᠯᠠᠭ 
 ᠠᠭᠤᠳᠠᠮ ᠲᠡᠨᠢᠭᠡᠷ ᠲᠠᠯ᠎ᠠ ᠳ᠋ᠠᠭᠠᠨ 
 ᠤᠨᠠᠭᠤᠯᠢ ᠴᠤ᠌ ᠦᠭᠡᠢ ᠲᠣᠷᠣᠭᠠᠰᠤ ᠴᠤ᠌ ᠦᠭᠡᠢ 
 ᠬᠠᠪᠤᠷ ᠵᠤᠨ ᠨᠠᠮᠤᠷ ᠡᠪᠦᠯ 
 ᠬᠠᠮᠢᠭᠠᠰᠢ ᠪᠠᠨ ᠨᠡᠭᠦᠪᠡᠴᠦ ᠰᠠᠭᠠᠳ ᠦᠭᠡᠢ 
 ᠲᠡᠷᠡ ᠴᠠᠭ ᠰᠠᠢᠬᠠᠨ ᠪᠠᠢᠯ᠎ᠠ  

 ᠡᠭᠦᠯᠡ ᠭᠠᠷᠪᠠᠯ ᠪᠣᠷᠣᠭᠠᠨ ᠲᠠᠢ 
 ᠡᠭᠦᠳᠡᠨ ᠡᠴᠡ ᠪᠡᠨ ᠦᠷᠭᠦᠯᠵᠢ ᠪᠡᠯᠴᠢᠭᠡᠷ ᠲᠡᠢ 
 ᠰᠠᠯᠠᠭ᠎ᠠ ᠪᠣᠯᠭᠠᠨ ᠳ᠋ᠤ᠌ ᠪᠤᠯᠠᠭ ᠲᠠᠢ 
 ᠰᠠᠯᠪᠤᠷᠢᠯᠠᠨ ᠤᠷᠤᠰᠬᠤ ᠭᠣᠣᠯ ᠲᠠᠢ 
 ᠤᠶᠠᠭ᠎ᠠ ᠪᠣᠯᠭᠠᠨ ᠳ᠋ᠤ᠌ ᠪᠠᠨ ᠬᠦᠯᠦᠭ ᠲᠡᠢ
 ᠠᠭᠤᠯᠵᠠᠭᠰᠠᠨ ᠪᠦᠬᠦᠨ ᠪᠡᠯᠭᠡ ᠲᠡᠢ
 ᠲᠡᠷᠡ ᠴᠠᠭ ᠦᠨᠡᠬᠡᠷ ᠰᠠᠢᠬᠠᠨ ᠪᠠᠢᠯ᠎ᠠ 

 ᠲᠣᠭᠣᠨᠣᠨ ᠳᠡᠭᠡᠷ᠎ᠡ ᠪᠡᠨ ᠨᠠᠷᠠ ᠲᠠᠢ
 ᠲᠤᠯᠭᠠᠨ ᠠ᠋ᠴᠠ ᠳᠦᠷᠡᠯᠵᠡᠬᠦ ᠭᠠᠯ ᠲᠠᠢ 
 ᠲᠣᠭᠣᠭᠠᠨ ᠳᠣᠲᠣᠷ᠎ᠠ ᠪᠠᠨ ᠱᠥᠯᠥ ᠲᠡᠢ
 ᠲᠣᠭᠠᠭᠦᠢ ᠣᠯᠠᠨ ᠭᠡᠢᠴᠢᠨ ᠲᠡᠢ 
 ᠲᠣᠭᠣᠷᠢᠵᠤ ᠢᠷᠡᠭᠰᠡᠨ ᠵᠠᠮ ᠤ᠋ᠨ ᠬᠥᠮᠦᠨ ᠳ᠋ᠦ᠍ ᠴᠦ᠍ 
 ᠲᠣᠷᠭᠠᠨ ᠤᠷᠤᠭ ᠰᠢᠭ᠋ ᠳᠣᠲᠣᠨᠣᠰᠣᠭ ᠪᠠᠢᠳᠠᠭ
 ᠲᠡᠷᠡ ᠴᠠᠭ ᠦᠨᠡᠬᠡᠷ ᠰᠠᠢᠬᠠᠨ ᠪᠠᠢᠯ᠎ᠠ

 ᠦᠭᠡᠨ ᠳ᠋ᠦ᠍ ᠪᠡᠨ ᠰᠠᠭᠤᠳᠠᠭ ᠨᠣᠶᠠᠨ ᠲᠠᠢ 
 ᠦᠨᠡᠨ ᠢ᠋ᠶ᠋ᠡᠷ ᠢ᠋ᠶ᠋ᠡᠨ ᠶᠠᠪᠤᠳᠠᠭ ᠠᠷᠠᠳ ᠲᠠᠢ 
 ᠢᠮᠠᠭᠠᠨ ᠠᠷᠠᠰᠤᠨ ᠳᠡᠪᠡᠯ ᠡᠮᠦᠰᠦᠭᠡᠳ 
 ᠶᠠᠰᠢᠯ ᠤ᠋ᠨ ᠲᠠᠶᠠᠭ ᠲᠤᠯᠤᠭᠰᠠᠨ ᠡᠪᠦᠭᠡᠨ 
 ᠶᠠᠭᠠᠬᠢᠬᠤ ᠶ᠋ᠢᠨ ᠠᠷᠭ᠎ᠠ ᠦᠭᠡᠢ ᠣᠨᠢᠨ ᠳᠡᠭᠡᠷ᠎ᠡ ᠨᠢ ᠲᠣᠭᠰᠢᠵᠤ 
 ᠶᠠᠪᠤᠵᠤ ᠰᠠᠭᠤᠬᠤ ᠶ᠋ᠢᠨ ᠶᠣᠰᠣ ᠵᠠᠶᠢᠭ ᠢ᠋ ᠤᠬᠠᠭᠠᠷᠠᠭᠤᠯᠳᠠᠭ
 ᠲᠡᠷᠡ ᠴᠠᠭ ᠦᠨᠡᠬᠡᠷ ᠰᠠᠢᠬᠠᠨ ᠪᠠᠢᠯ᠎ᠠ  

 ᠬᠤᠳᠠᠯ ᠬᠡᠯᠡᠳᠡᠭ ᠦᠭᠡᠢ ᠬᠠᠭᠤᠷᠮᠠᠭ ᠦᠭᠡᠢ 
 ᠬᠤᠷᠤᠭᠤ ᠬᠢᠮᠤᠰᠤ ᠬᠥᠳᠡᠯᠭᠡᠳᠡᠭ ᠦᠭᠡᠢ 
 ᠦᠬᠡᠷ ᠲᠡᠷᠭᠡ ᠪᠡᠷ ᠲᠠᠤᠯᠠᠢ ᠭᠦᠢᠴᠡᠨ᠎ᠡ ᠭᠡᠮᠡᠨ 
 ᠦᠨᠡᠨ ᠢ᠋ᠶ᠋ᠡᠨ ᠬᠡᠯᠡᠵᠦ ᠪᠡᠯᠡᠨ ᠢ᠋ᠶ᠋ᠡᠨ ᠢᠳᠡᠳᠡᠭ 
 ᠰᠠᠨᠠᠭ᠎ᠠ ᠰᠡᠳᠬᠢᠯ ᠨᠢ ᠲᠠᠯ᠎ᠠ ᠪᠠᠨ ᠡᠷᠭᠢᠵᠦ 
 ᠤᠨᠤᠭ᠎ᠠ ᠬᠦᠯᠦᠭ ᠪᠡᠶ᠎ᠡ ᠶ᠋ᠢ ᠨᠢ ᠲᠣᠭᠣᠷᠢᠳᠠᠭ 
 ᠲᠡᠷᠡ ᠴᠠᠭ ᠦᠨᠡᠬᠡᠷ ᠰᠠᠢᠬᠠᠨ ᠪᠠᠢᠯ᠎ᠠ 

 ᠳᠠᠬᠢᠳᠠᠭ ᠣᠪᠣᠭ᠎ᠠ ᠨᠢ ᠲᠣᠭᠠᠲᠠᠢ ᠬᠡᠳᠦᠬᠡᠨ ᠪᠣᠯᠪᠠᠴᠤ 
 ᠰᠠᠬᠢᠳᠠᠭ ᠴᠡᠭᠡᠷ ᠨᠢ ᠬᠠᠲᠠᠭᠤ ᠶᠤᠮ ᠪᠢᠯᠡ 
 ᠲᠠᠷᠢᠳᠠᠭ ᠶᠠᠭᠤᠮ᠎ᠠ ᠨᠢ ᠴᠥᠭᠡᠬᠡᠨ ᠪᠣᠯᠪᠠᠴᠤ 
 ᠤᠷᠭᠤᠳᠠᠭ ᠣᠢ ᠨᠢ ᠢᠠᠠᠴᠢ ᠶᠣᠮ ᠪᠢᠯᠡ 
 ᠲᠠᠨᠢᠳᠠᠭ ᠬᠥᠮᠦᠰ ᠨᠢ ᠰᠠᠳᠤᠨ ᠰᠢᠭ ᠶᠠᠪᠤᠯᠴᠠᠳᠠᠭ 
 ᠲᠠᠢᠪᠤᠤᠬᠠᠨ ᠵᠠᠩ ᠲᠠᠢ ᠤᠯᠤᠰ ᠶᠤᠮ ᠪᠢᠯᠡ 
 ᠲᠡᠷᠡ ᠴᠠᠭ ᠰᠠᠢᠬᠠᠨ ᠪᠠᠢᠭᠰᠠᠨ  ᠪᠠᠢᠯ᠎ᠠ

 ᠲᠩᠷᠢ ᠪᠡᠨ ᠰᠢᠲᠦᠳᠡᠭ ᠢ᠋ᠶ᠋ᠡᠷ ᠳᠡᠭᠡᠭᠰᠢ ᠪᠡᠨ ᠣᠨᠢᠯᠠᠳᠠᠭ ᠦᠭᠡᠢ 
 ᠭᠠᠵᠠᠷ ᠢ᠋ᠶ᠋ᠠᠨ ᠲᠦᠰᠢᠳᠡᠭ ᠢ᠋ᠶ᠋ᠡᠷ ᠳᠣᠷᠣᠭᠰᠢ ᠣᠩᠭᠢᠴᠢᠳᠠᠭ ᠦᠭᠡᠢ 
 ᠰᠦᠷᠦᠭ ᠲᠦ᠍ ᠮᠢᠷᠢᠶᠠᠳᠠᠭ ᠴᠢᠨᠣ᠎ᠠ  ᠪᠠᠢᠭᠰᠠᠨ ᠴᠤ᠌  
 ᠰᠦᠨ ᠳ᠋ᠦ᠍ ᠲᠥᠷᠥᠳᠡᠭ ᠬᠤᠷᠤᠭᠤ ᠦᠭᠡᠢ 
 ᠰᠦᠵᠢᠭ ᠪᠠᠢᠪᠠᠴᠤ ᠰᠡᠵᠢᠭ ᠥᠬᠡᠢ 
 ᠰᠦᠮᠡᠯᠵᠡᠬᠦ ᠵᠡᠷᠭᠡᠯᠭᠡᠨ ᠬᠦᠷᠲᠡᠯ᠎ᠡ ᠠᠮᠢ ᠲᠠᠢ ᠪᠠᠢᠳᠠᠭ 
 ᠲᠡᠷᠡ ᠴᠠᠭ ᠦᠨᠡᠬᠡᠷ ᠰᠠᠢᠬᠠᠨ ᠪᠠᠢᠯ᠎ᠠ 

 ᠰᠢᠯᠢᠨ ᠯᠣᠩᠬᠣᠨ ᠳ᠋ᠤ᠌ ᠠᠷᠢᠬᠢ ᠳᠡᠭᠦᠵᠢᠯᠡᠭᠡᠳ 
 ᠰᠢᠨ᠎ᠡ ᠶ᠋ᠢᠨ ᠪᠠᠶᠠᠷ ᠢ᠋ᠶ᠋ᠠᠷ ᠠᠢᠯ ᠳᠠᠮᠵᠢᠨ 
 ᠠᠭᠰᠢᠷᠠᠭ᠎ᠠ ᠪᠤᠭᠤᠷᠤᠯ ᠨᠠᠰᠤᠲᠠᠳ ᠲᠤ᠌ ᠪᠠᠨ 
 ᠰᠠᠷᠬᠤᠳ ᠤ᠋ᠨ ᠳᠡᠭᠡᠵᠢ ᠪᠡᠨ ᠪᠠᠷᠢᠵᠤ 
 ᠠᠰᠢᠳᠠ ᠶ᠋ᠢᠨ ᠢᠷᠦᠭᠡᠯ ᠢ᠋ ᠨᠢ ᠰᠣᠨᠣᠰᠴᠤ 
 ᠮᠠᠰᠢᠳᠠ ᠵᠢᠷᠭᠠᠯ ᠲᠠᠢ ᠰᠠᠨᠠᠭᠳᠠᠵᠤ ᠪᠠᠢᠭᠰᠠᠨ
 ᠲᠡᠷᠡ ᠴᠠᠭ ᠦᠨᠡᠬᠡᠷ ᠰᠠᠢᠬᠠᠨ ᠪᠠᠢᠯ᠎ᠠ 

 ᠰᠢᠰᠢ ᠶ᠋ᠢᠨ ᠭᠤᠯᠢᠷ ᠬᠠᠭᠤᠷᠤᠭᠰᠠᠨ ᠵᠠᠷᠮ᠎ᠠ ᠶ᠋ᠢ 
 ᠰᠢᠯᠵᠠᠷᠠᠭᠰᠠᠨ ᠨᠣᠭᠣᠭ᠎ᠠ ᠲᠠᠢ ᠭᠤᠶᠠᠳᠠᠵᠤ ᠣᠷᠣᠭᠤᠯᠤᠭᠠᠳ 
 ᠰᠢᠷᠡᠭᠡ ᠡᠯᠢᠭᠡᠳᠡᠨ ᠰᠢᠮᠳᠠᠨ ᠰᠤᠷᠬᠤ ᠳ᠋ᠤ᠌ ᠪᠠᠨ 
 ᠰᠢᠨ᠎ᠡ ᠴᠠᠭ ᠲᠤ᠌ ᠲᠥᠷᠥᠭᠰᠡᠨ ᠪᠢᠳᠡ 
 ᠰᠢᠯᠵᠢᠰᠢ ᠦᠭᠡᠢ ᠵᠢᠷᠭᠠᠯ ᠢ᠋ ᠡᠳ᠋ᠯᠡᠵᠦ ᠪᠠᠢᠨ᠎ᠠ ᠭᠡᠵᠦ 
 ᠬᠠᠩᠭᠢᠨᠠᠲᠠᠯ᠎ᠠ ᠳᠠᠭᠤᠯᠠᠵᠤ ᠮᠢᠷᠠᠯᠵᠠᠲᠠᠯ᠎ᠠ ᠪᠥᠵᠢᠭᠯᠡᠳᠡᠭ
 ᠲᠡᠷᠡ ᠴᠠᠭ ᠦᠨᠡᠬᠡᠷ ᠰᠠᠢᠬᠠᠨ ᠪᠠᠢᠯ᠎ᠠ 

 ᠲᠩᠷᠢ ᠨᠢ ᠨᠢᠷᠤᠭᠤᠨ ᠳ᠋ᠤ᠌ ᠪᠠᠨ ᠲᠠᠷᠨᠢ ᠲᠠᠢ 
 ᠭᠠᠵᠠᠷ ᠨᠢ ᠨᠢᠷᠤᠭᠤᠨ ᠳ᠋ᠤ᠌ ᠪᠠᠨ ᠰᠢᠲᠦᠭᠡᠨ ᠲᠡᠢ 
 ᠬᠥᠮᠦᠰ ᠨᠢ ᠰᠡᠳᠬᠢᠯ ᠳ᠋ᠦ᠍ ᠪᠡᠨ ᠪᠤᠷᠬᠠᠨ ᠲᠠᠢ 
 ᠪᠠᠢᠭᠠᠯᠢ ᠨᠢ ᠠᠮᠢᠰᠬᠤᠭᠠᠨ ᠳ᠋ᠤ᠌ ᠪᠠᠨ ᠬᠡᠮᠨᠡᠯ ᠲᠡᠢ
 ᠲᠡᠷᠡ ᠴᠠᠭ ᠦᠨᠡᠬᠡᠷ ᠰᠠᠢᠬᠠᠨ ᠪᠠᠢᠭᠰᠠᠨ ᠶᠤᠮ
 ᠲᠡᠷᠡ ᠴᠠᠭ ᠦᠨᠡᠬᠡᠷ ᠰᠠᠢᠬᠠᠨ ᠪᠠᠢᠭᠰᠠᠨ ᠳᠠ

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠬᠢᠨᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃