ᠲᠠᠩᠬᠢᠨᠠ -ᠳ᠋᠊᠂ᠣᠳᠬᠤᠨᠵᠢᠷᠭᠠᠯ ᠣ∙ ᠠᠩᠬᠠᠴᠡᠴᠡᠭDANGINA-D.Otgonjargal O.Ankhchimeg - Дангина-Д,Отгонжаргал О∙Анхцэцэг
ᠲᠠᠩᠬᠢᠨᠠ
ᠦᠭᠡ᠄ ᠭ ∙ ᠴᠢᠮᠢᠲᠣᠪᠣ
ᠠᠶ᠎ᠠ᠄ ᠸ ∙ ᠫᠠᠨᠲ᠋ᠠᠸ
ᠳᠠᠭᠤᠴᠢᠨ ᠄ᠳ᠋᠊᠂ᠣᠳᠬᠤᠨᠵᠢᠷᠭᠠᠯ ᠣ∙ ᠠᠩᠬᠠᠴᠡᠴᠡᠭ
ᠲᠠᠩᠬᠢᠨᠠ ᠭᠡᠳᠡᠭ ᠨᠢ ᠢᠯᠠᠩᠭᠤᠶ᠎ᠠ ᠪᠤᠷᠢᠶᠠᠳ ᠪᠣᠯᠤᠨ ᠮᠣᠩᠭᠣᠯ ᠠᠷᠠᠳ ᠤ᠋ᠨ ᠠᠮᠠᠨ ᠵᠣᠬᠢᠶᠠᠯ ᠳ᠋ᠤ᠌ ᠬᠡᠷᠡᠭᠯᠡᠭᠳᠡᠳᠡᠭ ᠦᠭᠡ ᠪᠥᠭᠡᠳ ᠤᠳᠬ᠎ᠠ ᠵᠣᠬᠢᠶᠠᠯ ᠤ᠋ᠨ ᠬᠡᠯᠡᠯᠭᠡ ᠪᠡᠷ 《ᠳᠠᠭᠢᠨ᠎ᠠ》 ᠭᠡᠰᠡᠨ ᠦᠭᠡ ᠶᠤᠮ ᠃
ᠦᠯᠢᠭᠡᠷ ᠳᠣᠮᠣᠭ ᠤ᠋ᠨ ᠤᠳᠬ᠎ᠠ ᠪᠠᠷ᠄ ᠲᠩᠷᠢ ᠶ᠋ᠢᠨ ᠥᠬᠢᠨ ᠲᠩᠷᠢ᠂ ᠬᠤᠷᠮᠤᠰᠲᠠ ᠶ᠋ᠢᠨ ᠬᠠᠭᠠᠨ ᠤ᠋ ᠦᠵᠡᠰᠬᠦᠯᠡᠩᠲᠦ ᠥᠬᠢᠳ᠂ ᠰᠢᠳᠢᠲᠦ ᠳᠠᠭᠢᠨᠢ ᠶ᠋ᠢ ᠬᠡᠯᠡᠨ᠎ᠡ᠃ ᠪᠤᠷᠢᠶᠠᠳ ᠤ᠋ᠨ ᠠᠷᠠᠳ ᠤ᠋ᠨ ᠠᠮᠠᠨ ᠵᠣᠬᠢᠶᠠᠯ ᠳ᠋ᠤ᠌ ᠭᠤᠸ᠎ᠠ ᠦᠵᠡᠰᠬᠦᠯᠡᠩᠲᠦ ᠪᠦᠰᠡᠭᠦᠢ᠂ ᠦᠯᠢᠭᠡᠷ ᠦ᠋ᠨ ᠭᠦᠩᠵᠦ ᠶ᠋ᠢ ᠳᠠᠩᠭᠢᠨᠠ ᠭᠡᠮᠡᠨ ᠡᠷᠭᠦᠮᠵᠢᠯᠡᠳᠡᠭ᠃
ᠶᠠᠷᠢᠶᠠᠨ ᠤ᠋ ᠬᠡᠯᠡᠯᠭᠡ ᠪᠡᠷ᠄ ᠭᠤᠸ᠎ᠠ ᠦᠵᠡᠰᠬᠦᠯᠡᠩ ᠲᠡᠢ᠂ ᠲᠡᠭᠦᠰ ᠰᠠᠢᠬᠠᠨ ᠲᠥᠷᠥᠭᠰᠡᠨ ᠪᠦᠰᠡᠭᠦᠢ ᠬᠥᠮᠦᠨ ᠢ᠋ ᠮᠠᠭᠲᠠᠨ ᠳᠠᠭᠤᠯᠠᠬᠤ᠂ ᠢᠷᠦᠭᠡᠬᠦ ᠤᠳᠬ᠎ᠠ ᠪᠠᠷ ᠬᠡᠷᠡᠭᠯᠡᠨ᠎ᠡ᠃ ᠮᠥᠨ ᠵᠠᠷᠢᠮ ᠠᠶᠠᠯᠭ᠎ᠠ ᠳ᠋ᠤ᠌ ᠠᠢᠯ ᠤ᠋ᠨ ᠤᠳᠬᠤᠨ ᠥᠬᠢᠨ ᠢ᠋ ᠬᠡᠯᠡᠬᠦ ᠢᠨᠦ ᠪᠣᠢ᠃
ᠰᠣᠶᠣᠯ ᠤ᠋ᠨ ᠤᠳᠬ᠎ᠠ ᠪᠠᠷ᠄ ᠪᠤᠷᠢᠶᠠᠳ ᠲᠦᠮᠡᠨ ᠦ᠌ ᠤᠯᠠᠮᠵᠢᠯᠠᠯᠲᠤ 《ᠠᠯᠲᠠᠷᠭᠠᠨ᠎ᠠ》 ᠨᠠᠭᠠᠳᠤᠮ ᠵᠡᠷᠭᠡ ᠳ᠋ᠦ᠍ ᠥᠬᠢᠳ ᠪᠦᠰᠡᠭᠦᠢᠴᠦᠳ ᠦ᠋ᠨ ᠭᠤᠸ᠎ᠠ ᠰᠠᠢᠬᠠᠨ᠂ ᠤᠬᠠᠭᠠᠨ᠂ ᠥᠪ ᠰᠣᠶᠣᠯ ᠡᠵᠡᠮᠰᠢᠭᠰᠡᠨ ᠪᠠᠢᠳᠠᠯ ᠢ᠋ ᠰᠢᠯᠭᠠᠷᠠᠭᠤᠯᠬᠤ ᠲᠡᠮᠡᠴᠡᠭᠡᠨ ᠢ᠋ 《ᠲᠠᠩᠬᠢᠨᠠ》 ᠭᠡᠮᠡᠨ ᠨᠡᠷᠡᠯᠡᠳᠡᠭ᠃
