ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠨᠢᠭᠡᠳᠦᠭᠡᠷ ᠪᠦᠯᠦᠭ> ᠨᠢᠭᠡᠳᠦᠭᠡᠷ ᠬᠡᠰᠡᠭ᠂ᠯᠢᠭᠳᠡᠨ ᠬᠠᠭᠠᠨ ᠤ᠋ ᠨᠣᠶᠠᠷᠬᠠᠯ ᠵᠢᠴᠢ ᠮᠠᠨᠵᠤ ᠶ᠋ᠢ ᠡᠰᠡᠷᠭᠦᠴᠡᠭᠰᠡᠨ ᠲᠡᠮᠡᠴᠡᠯ Дайчин улсын үеийн монголын түүх-Намсрай 1-1
ᠨᠢᠭᠡᠳᠦᠭᠡᠷ ᠪᠦᠯᠦᠭ᠂ ᠭᠣᠪᠢ ᠶ᠋ᠢᠨ ᠡᠮᠦᠨᠡᠬᠢ ᠮᠣᠩᠭᠣᠯ ᠠᠢᠮᠠᠭ ᠤ᠋ᠳ ᠴᠢᠩ ᠤᠯᠤᠰ ᠲᠤ ᠳᠠᠭᠠᠭᠰᠠᠨ ᠨᠢ
ᠨᠢᠭᠡᠳᠦᠭᠡᠷ ᠬᠡᠰᠡᠭ - ᠯᠢᠭᠳᠡᠨ ᠬᠠᠭᠠᠨ ᠤ᠋ ᠨᠣᠶᠠᠷᠬᠠᠯ ᠵᠢᠴᠢ ᠮᠠᠨᠵᠤ ᠶ᠋ᠢ ᠡᠰᠡᠷᠭᠦᠴᠡᠭᠰᠡᠨ ᠲᠡᠮᠡᠴᠡᠯ
ᠡᠷᠲᠡᠨ ᠮᠣᠩᠭᠣᠯ ᠤ᠋ᠨ ᠪᠠᠲᠤᠮᠥ᠋ᠩᠬᠡ ᠳᠠᠶᠠᠨ ᠬᠠᠭᠠᠨ (1466 —1504) ᠹᠧᠣᠳᠠᠯ ᠤ᠋ᠨ ᠪᠤᠲᠠᠷᠠᠯ ᠳ᠋ᠤ᠌ ᠪᠦᠬᠦᠢ ᠮᠣᠩᠭᠣᠯ ᠤ᠋ᠨ ᠣᠯᠠᠨ ᠠᠢᠮᠠᠭ ᠢ᠋ ᠳᠠᠬᠢᠨ ᠡᠷᠴᠢᠮᠲᠡᠢ ᠨᠢᠭᠡᠳᠬᠡᠨ ᠨᠣᠶᠠᠷᠬᠠᠵᠤ ᠲᠡᠦᠬᠡ ᠶ᠋ᠢᠨ ᠬᠠᠭᠤᠳᠠᠰᠤᠨ ᠳ᠋ᠤ᠌ ᠠᠯᠳᠠᠷᠰᠢᠭᠰᠠᠨ ᠪᠢᠯᠡ᠃ ᠪᠠᠲᠤᠮᠥ᠋ᠩᠬᠡ ᠲᠠᠶᠡᠨ ᠬᠠᠭᠠᠨ ᠢ᠋ ᠲᠥᠷᠥ ᠪᠠᠷᠢᠵᠤ ᠪᠠᠢᠭᠰᠠᠨ ᠴᠠᠭ ᠳᠤ ᠪᠦᠬᠦ ᠮᠣᠩᠭᠣᠯ ᠤ᠋ᠨ ᠬᠥᠮᠦᠨ ᠠᠮᠠ ᠦᠷᠡᠵᠢᠭᠡᠳ ᠬᠡᠳᠦᠨ ᠠᠷᠪᠠᠨ ᠲᠦᠮᠡ ᠶ᠋ᠢ ᠳᠠᠪᠠᠭᠰᠠᠨ ᠪᠠᠢᠵᠠᠢ᠃ ᠭᠡᠲᠡᠯ᠎ᠡ ᠮᠣᠩᠭᠣᠯ ᠤ᠋ᠨ ᠭᠠᠵᠠᠷ ᠤ᠋ᠨ ᠵᠠᠰᠠᠭ ᠵᠠᠬᠢᠷᠭ᠎ᠠ ᠶ᠋ᠢᠨ ᠬᠤᠪᠢᠶᠠᠷᠢᠯᠠᠯ ᠢ᠋ᠶ᠋ᠠᠨ ᠪᠠᠰᠠ ᠴᠣ ᠬᠠᠭᠤᠴᠢᠨ ᠳᠠᠳᠬᠠᠯ ᠵᠤᠷᠰᠢᠯ ᠢ᠋ᠶ᠋ᠠᠷ ᠵᠢᠷᠭᠤᠭᠠᠨ ᠲᠦᠮᠡᠨ ᠮᠣᠩᠭᠣᠯ ᠭᠡᠵᠦ ᠳᠠᠭᠤᠳᠠᠵᠤ ᠪᠠᠢᠭᠰᠠᠨ᠃ ᠲᠦᠮᠡᠨ ᠦ᠌ ᠳᠣᠲᠣᠷ᠎ᠠ ᠪᠠᠨ ᠠᠢᠮᠠᠭ ᠬᠤᠪᠢᠶᠠᠵᠤ᠂ ᠠᠢᠮᠠᠭ ᠳᠣᠲᠣᠷ᠎ᠠ ᠣᠲᠣᠭ ᠬᠤᠪᠢᠶᠠᠨ᠂ ᠵᠡᠭᠦᠨ ᠪᠠᠷᠠᠭᠤᠨ ᠭᠠᠷᠤᠨ ᠲᠦᠮᠡᠨ ᠭᠡᠵᠦ ᠢᠯᠭᠠᠵᠤ ᠪᠠᠢᠪᠠ᠃ ᠪᠦᠬᠦ ᠮᠣᠩᠭᠣᠯ ᠤ᠋ᠨ ᠲᠥᠷᠥ ᠶ᠋ᠢᠨ ᠵᠢᠯᠣᠭᠣ ᠶ᠋ᠢ ᠶᠡᠬᠡ ᠬᠠᠭᠠᠨ ᠪᠠᠷᠢᠵᠤ᠂ ᠲᠦᠮᠡᠨ ᠦ᠌ ᠪᠠᠢᠭᠤᠯᠤᠯ ᠪᠣᠯᠤᠨ ᠡᠯ᠎ᠡ ᠠᠢᠮᠠᠭ ᠤ᠋ᠨ ᠡᠷᠬᠡ ᠶ᠋ᠢ ᠪᠠᠭ᠎ᠠ ᠬᠠᠳ᠂ ᠵᠢᠨᠦᠩ᠂ ᠲᠠᠢᠵᠢ ᠮᠡᠳᠡᠵᠦ ᠪᠠᠢᠭᠰᠠᠨ᠃ ᠲᠡᠷᠡ ᠬᠢᠷᠢ ᠳ᠋ᠦ᠍ ᠮᠣᠩᠭᠣᠯ ᠤ᠋ᠨ ᠣᠷᠳᠣᠰ᠂ ᠲᠦᠮᠡᠳ᠂ ᠶᠦᠩᠰᠢᠶᠩᠪᠤ ᠶ᠋ᠢ ᠪᠠᠷᠠᠭᠤᠨ ᠭᠠᠷᠤᠨ ᠭᠤᠷᠪᠠᠨ ᠲᠦᠮᠡᠨ ᠭᠡᠵᠦ ᠴᠠᠬᠠᠷ᠂ ᠬᠠᠯᠬ᠎ᠠ᠂ ᠤᠷᠢᠶᠠᠩᠬᠠᠢ ᠶ᠋ᠢ ᠵᠡᠭᠦᠨ ᠭᠠᠷᠤᠨ ᠭᠤᠷᠪᠠᠨ ᠲᠦᠮᠡᠨ ᠬᠡᠮᠡᠬᠦ ᠵᠠᠰᠠᠭ ᠵᠠᠬᠢᠷᠭᠠᠨ ᠤ᠋ ᠤᠯᠠᠮᠵᠢᠯᠠᠯᠲᠤ ᠬᠤᠪᠢᠶᠠᠷᠢᠯᠠᠯ ᠢ᠋ᠶ᠋ᠠᠷ ᠪᠠᠷᠢᠮᠲᠠᠯᠠᠵᠤ ᠪᠠᠢᠵᠠᠢ᠃
ᠪᠠᠲᠤᠮᠥ᠋ᠩᠬᠡ ᠲᠠᠶᠡᠨ ᠬᠠᠭᠠᠨ ᠳ᠋ᠤ᠌ ᠲᠦᠷᠤᠪᠤᠯᠤᠳ᠂ ᠤᠯᠤᠰᠪᠤᠯᠤᠳ᠂ ᠪᠠᠷᠰᠪᠤᠯᠤᠳ᠂ ᠠᠷᠰᠠᠯᠨᠪᠤᠯᠤᠳ᠂ ᠠᠯᠴᠤᠪᠣᠯᠤᠳ᠂ ᠸᠴᠷᠪᠤᠯᠤᠳ᠂ ᠠᠷᠪᠤᠬᠤᠷᠨ᠂ ᠬᠡᠷᠦᠳᠠᠢ ᠲᠠᠢᠵᠢ᠂ ᠴᠢᠩ ᠲᠠᠢᠵᠢ᠂ ᠬᠡᠷᠪᠣᠯᠤᠳ᠂ ᠭᠡᠷᠰᠡᠨᠵᠡ ᠵᠠᠯᠠᠢᠷ ᠬᠣᠩ ᠲᠠᠢᠵᠢ ᠬᠡᠮᠡᠬᠦ ᠠᠷᠪᠠᠨ ᠨᠢᠭᠡᠨ ᠬᠥᠪᠡᠭᠦᠨ ᠲᠡᠢ ᠪᠠᠢᠭᠰᠠᠨ᠃ ᠲᠥᠷᠦᠪᠣᠯᠤᠳ᠂ ᠤᠯᠤᠰᠪᠣᠯᠤᠳ ᠡᠷᠲᠡ ᠨᠠᠰᠤ ᠪᠠᠷᠠᠵᠠᠢ᠃ ᠨᠠᠢ᠍ᠮᠠᠳᠤᠭᠠᠷ ᠬᠥᠪᠡᠭᠦᠨ ᠬᠡᠷᠦᠲᠠᠢ ᠲᠠᠢᠵᠢ ᠳ᠋ᠤ᠌ ᠦᠷ᠎ᠡ ᠦᠭᠡᠢ᠃ ᠳᠠᠶᠠᠨ ᠬᠠᠭᠠᠨ ᠠᠮᠢᠳᠤ ᠰᠡᠷᠢᠭᠦᠨ ᠪᠠᠢᠬᠤ ᠳ᠋ᠠᠭᠠᠨ ᠥᠪᠡᠷ ᠢ᠋ᠶ᠋ᠡᠨ ᠵᠡᠭᠦᠨ ᠭᠤᠷᠪᠠᠨ ᠲᠦᠮᠡᠨ ᠦ᠌ ᠳᠡᠭᠡᠷ᠎ᠡ ᠵᠠᠬᠢᠷᠤᠨ ᠰᠠᠭᠤᠵᠤ᠂ ᠭᠤᠲᠠᠭᠠᠷ ᠬᠥᠪᠡᠭᠦᠨ ᠪᠠᠷᠠᠰᠪᠣᠯᠤᠳ ᠢ᠋ ᠪᠠᠷᠠᠭᠤᠨ ᠭᠤᠷᠪᠠᠨ ᠲᠦᠮᠡᠨ ᠦ᠌ ᠳᠡᠭᠡᠷ᠎ᠡ ᠵᠢᠨᠦᠩ ᠰᠠᠭᠤᠯᠭᠠᠵᠠᠢ᠃ ᠳᠥᠲᠥᠭᠡᠷ ᠬᠥᠪᠡᠭᠦᠨ ᠠᠷᠰᠪᠣᠯᠤᠳ ᠲᠤ᠌ ᠬᠥᠬᠡᠨᠠᠭᠤᠷ ᠤ᠋ᠨ ᠭᠠᠵᠠᠷ ᠢ᠋ ᠵᠢᠭᠠᠵᠤ ᠡᠵᠡᠮᠰᠢᠯ ᠣᠷᠣᠨ ᠪᠣᠯᠭᠠᠪᠠ᠃ ᠲᠠᠪᠤᠳᠤᠭᠠᠷ ᠬᠥᠪᠡᠭᠦᠨ ᠠᠯᠴᠤᠪᠣᠯᠤᠳ ᠲᠤ᠌ ᠥᠪᠥᠷ ᠬᠠᠯᠬ᠎ᠠ ᠶ᠋ᠢᠨ ᠵᠠᠷᠤᠳ᠂ ᠪᠠᠭᠠᠷᠢᠨ᠂ ᠪᠠᠶᠤᠳ᠂ ᠬᠣᠩᠭᠢᠷᠠᠳ᠂ ᠦᠵᠢᠶᠡᠳ ᠲᠠᠪᠤᠨ ᠣᠲᠣᠭ ᠢ᠋ ᠵᠢᠭᠠᠵᠠᠢ᠃ ᠵᠢᠷᠭᠤᠳᠤᠭᠠᠷ ᠬᠥᠪᠡᠭᠦᠨ ᠸᠴᠢᠷᠪᠣᠯᠤᠳ ᠲᠤ᠌ ᠬᠡᠰᠢᠭᠲᠡᠨ ᠠᠢᠮᠠᠭ ᠢ᠋ ᠵᠢᠭᠠᠭᠰᠠᠨ ᠪᠣᠯᠬᠣᠷ ᠲᠡᠭᠦᠨ ᠦ᠌ ᠦᠷᠡᠰ ᠨᠢ ᠬᠡᠰᠢᠭᠲᠡᠨ ᠦ᠌ ᠳᠡᠭᠡᠳᠦᠰ ᠪᠣᠯᠪᠠ᠃ ᠳᠣᠯᠣᠳᠤᠭᠠᠷ ᠬᠥᠪᠡᠭᠦᠨ ᠠᠷᠪᠣᠬᠤᠷᠠ ᠶ᠋ᠢ ᠰᠠᠷᠲᠠᠭᠤᠯ ᠤ᠋ᠨ ᠭᠠᠵᠠᠷ ᠨᠣᠶᠠᠨ ᠪᠣᠯᠭᠠᠪᠠ᠃ ᠶᠢᠰᠦᠳᠦᠭᠡᠷ ᠬᠥᠪᠡᠭᠦᠨ ᠴᠢᠩ ᠲᠠᠢᠵᠢ ᠳ᠋ᠤ᠌ ᠬᠠᠷ᠎ᠠ ᠲᠠᠲ᠋ᠠᠷ ᠤ᠋ᠨ ᠭᠠᠵᠠᠷ ᠢ᠋ ᠵᠢᠭᠠᠪᠠ᠃ ᠠᠷᠪᠠᠳᠤᠭᠠᠷ ᠬᠥᠪᠡᠭᠦᠨ ᠬᠡᠷᠡᠪᠣᠯᠤᠳ ᠲᠤ᠌ ᠤᠷᠢᠶᠠᠩᠬᠠᠢ ᠪᠣᠯᠤᠨ ᠣᠷᠭᠤᠳ ᠤ᠋ᠨ ᠣᠲᠣᠭ ᠢ᠋ ᠱᠠᠩᠨᠠᠪᠠ᠃ ᠠᠷᠪᠠᠨ ᠨᠢᠭᠡᠳᠦᠭᠡᠷ ᠬᠥᠪᠡᠭᠦᠨ ᠬᠡᠷᠡᠰᠡᠨᠵᠡ ᠵᠠᠯᠠᠢᠷ ᠬᠣᠩ ᠲᠠᠢᠵᠢ ᠳ᠋ᠤ᠌ ᠬᠠᠯᠬ᠎ᠠ ᠶ᠋ᠢᠨ ᠳᠣᠯᠣᠭᠠᠨ ᠣᠲᠣᠭ ᠢ᠋ ᠵᠢᠭᠠᠵᠤ ᠥᠭᠴᠡᠢ᠃
ᠵᠠᠷᠯᠢᠭ ᠢ᠋ᠶ᠋ᠠᠷ ᠪᠠᠷᠠᠭᠤᠨ ᠭᠤᠷᠪᠠᠨ ᠲᠦᠮᠡᠨ ᠦ᠌ ᠳᠡᠭᠡᠷ᠎ᠡ ᠵᠢᠨᠦᠩ ᠪᠣᠯᠤᠭᠰᠠᠨ ᠪᠠᠷᠰᠪᠣᠯᠤᠳ ᠲᠤ᠌ ᠪᠢᠯᠢᠭ ᠮᠡᠷᠭᠡᠨ ᠵᠢᠨᠦᠩ᠂ ᠠᠯᠲᠠᠨ᠂ ᠯᠠᠪᠤᠭ ᠲᠠᠢᠵᠢ᠂ ᠪᠠᠢᠰᠬᠠᠯ᠂ ᠬᠥᠨᠳᠡᠯᠡᠨ ᠮᠡᠨᠳᠦ ᠶ᠋ᠢᠨ ᠳᠣᠯᠣᠭᠠᠨ ᠬᠥᠪᠡᠭᠦᠨ ᠲᠡᠢ ᠪᠠᠢᠭᠰᠠᠨ᠃ ᠪᠠᠷᠰᠪᠣᠯᠤᠳ ᠢ᠋ ᠨᠠᠰᠤ ᠪᠠᠷᠠᠭᠰᠠᠨ ᠳ᠋ᠤ᠌ ᠠᠬᠠᠮᠠᠳ ᠬᠥᠪᠡᠭᠦᠨ ᠭᠦᠨ ᠪᠢᠯᠢᠭ ᠮᠡᠷᠭᠡᠨ ᠵᠢᠨᠦᠩ ᠳᠣᠯᠣᠭᠠᠨ ᠣᠲᠣᠭ ᠣᠷᠳᠣᠰ ᠤ᠋ᠨ ᠳᠡᠭᠡᠷ᠎ᠡ ᠰᠠᠭᠤᠵᠤ᠂ ᠦᠷ᠎ᠡ ᠠᠴᠢ ᠨᠠᠷ ᠨᠢ ᠣᠷᠳᠣᠰ ᠲᠦᠮᠡᠨ ᠦ᠌ ᠳᠡᠭᠡᠳᠦᠰ ᠪᠣᠯᠪᠠ᠃ ᠬᠣᠶᠠᠳᠤᠭᠠᠷ ᠬᠥᠪᠡᠭᠦᠨ ᠠᠯᠲᠠᠨ ᠬᠠᠭᠠᠨ ᠨᠢ ᠠᠷᠪᠠᠨ ᠬᠣᠶᠠᠷ ᠣᠲᠣᠭ ᠲᠦᠮᠡᠳ ᠦ᠋ᠨ ᠳᠡᠭᠡᠳᠦᠰ ᠪᠣᠯᠪᠠ᠃ ᠳᠥᠲᠥᠭᠡᠷ ᠬᠥᠪᠡᠭᠦᠨ ᠪᠠᠢᠰᠬᠠᠯ ᠪᠠᠷᠠᠭᠤᠨ ᠭᠤᠷᠪᠠᠨ ᠲᠦᠮᠡᠨ ᠦ᠌ ᠶᠦᠩᠰᠢᠶᠡᠬᠦ ᠶ᠋ᠢᠨ ᠳᠣᠯᠣᠭᠠᠨ ᠣᠲᠣᠭ ᠳᠡᠭᠡᠷ᠎ᠡ ᠰᠠᠭᠤᠭᠰᠠᠨ ᠪᠣᠯᠬᠣᠷ ᠶᠦᠩᠰᠢᠶᠡᠬᠦ ᠶ᠋ᠢᠨ ᠳᠡᠭᠡᠳᠦᠰ ᠪᠣᠯᠵᠠᠢ᠃
ᠪᠠᠲᠤᠮᠥ᠋ᠩᠬᠡ ᠳᠠᠶᠠᠨ ᠬᠠᠭᠠᠨ ᠨᠠᠰᠤ ᠪᠠᠷᠠᠬᠤ ᠳ᠋ᠤ᠌᠂ ᠵᠡᠭᠦᠨ ᠭᠤᠷᠪᠠᠨ ᠲᠦᠮᠡᠨ ᠦ᠌ ᠴᠠᠬᠠᠷ ᠢ᠋ᠶ᠋ᠠᠷ ᠭᠣᠣᠯ ᠪᠣᠯᠭᠠᠭᠰᠠᠨ ᠬᠠᠭᠠᠨ ᠰᠠᠭᠤᠷᠢᠨ ᠢ᠋ ᠲᠥᠷᠦᠪᠣᠯᠤᠳ(ᠬᠡᠳᠦᠢᠨ ᠨᠠᠰᠤ ᠪᠠᠷᠠᠪᠠ) ᠶ᠋ᠢᠨ ᠠᠬᠠᠮᠠᠳ ᠬᠥᠪᠡᠭᠦᠨ ᠪᠣᠳᠢ ᠠᠯᠠᠭ ᠲᠤ᠌ ᠵᠠᠯᠭᠠᠪᠠ᠃ ᠪᠣᠳᠢ ᠠᠯᠠᠭ ᠬᠠᠭᠠᠨ ᠨᠠᠢ᠍ᠮᠠᠨ ᠣᠲᠣᠭ ᠴᠠᠬᠠᠷ ᠤ᠋ᠨ ᠳᠡᠭᠡᠷ᠎ᠡ ᠰᠠᠭᠤᠵᠤ᠂ ᠵᠡᠭᠦᠨ ᠭᠤᠷᠪᠠᠨ ᠲᠦᠮᠡᠨ ᠦ᠌ ᠠᠷᠤ ᠥᠪᠥᠷ ᠠᠷᠪᠠᠨ ᠬᠣᠶᠠᠷ ᠣᠲᠣᠭ ᠬᠠᠯᠬ᠎ᠠ᠂ ᠤᠷᠢᠶᠠᠩᠬᠠᠢ ᠲᠦᠮᠡᠨ ᠦ᠌ ᠬᠣᠷᠴᠢᠨ᠂ ᠬᠠᠷᠠᠴᠢᠨ ᠢ᠋ ᠰᠢᠭᠤᠳ ᠵᠠᠬᠢᠷᠴᠤ ᠪᠠᠢᠭᠰᠠᠨ᠃ ᠪᠣᠳᠢ ᠠᠯᠠᠭ ᠤ᠋ᠨ ᠬᠣᠶᠠᠳᠤᠭᠠᠷ ᠬᠥᠪᠡᠭᠦᠨ ᠬᠥᠬᠡᠴᠡᠳᠡᠢ ᠡᠴᠡ ᠭᠠᠷᠤᠭᠰᠠᠨ ᠪᠤᠷᠠᠬᠠᠢ ᠴᠦᠬᠦᠷ᠂ ᠪᠤᠶᠠᠨ ᠰᠡᠴᠡᠨ ᠦ᠌ ᠦᠷᠡᠰ ᠨᠢ ᠵᠡᠭᠦᠨ ᠪᠠᠷᠠᠭᠤᠨ ᠰᠥᠨᠢᠳ ᠦ᠋ᠨ ᠳᠡᠭᠡᠳᠦᠰ ᠪᠣᠯᠪᠠ᠃ ᠭᠤᠲᠠᠭᠠᠷ ᠬᠥᠪᠡᠭᠦᠨ ᠣᠩᠭᠣᠨ ᠲᠤᠷᠠᠭᠠᠯ ᠨᠣᠶᠠᠨ ᠤ᠋ ᠦᠷᠡᠰ ᠨᠢ ᠦᠵᠦᠮᠦᠴᠢᠨ ᠦ᠌ ᠳᠡᠭᠡᠳᠦ ᠪᠣᠯᠵᠠᠢ᠃ ᠪᠣᠳᠢ ᠠᠯᠠᠭ ᠤ᠋ᠨ ᠠᠬᠠᠮᠠᠳ ᠬᠥᠪᠡᠭᠦᠨ ᠳᠠᠷᠠᠢᠰᠤᠨ ᠬᠦᠳᠡᠩ ᠦ᠋ᠨ ᠬᠣᠶᠠᠳᠤᠭᠠᠷ ᠬᠥᠪᠡᠭᠦᠨ ᠵᠥᠩᠲᠦ ᠲᠤᠷᠠᠭᠠᠯ ᠨᠣᠶᠠᠨ ᠤ᠋ ᠦᠷᠡᠰ ᠨᠢ ᠬᠠᠭᠤᠴᠢᠳ ᠠᠢᠮᠠᠭ ᠤ᠋ᠨ ᠳᠡᠭᠡᠳᠦᠰ ᠪᠣᠯᠪᠠ᠃ ᠪᠣᠳᠢ ᠠᠯᠠᠭ ᠤ᠋ᠨ ᠳᠡᠭᠦᠦ ᠠᠯᠢᠮᠠᠨ ᠨᠣᠶᠠᠨ ᠤ᠋ ᠬᠣᠶᠠᠷ ᠬᠥᠪᠡᠭᠦᠨ ᠪᠣᠢᠮᠡ᠂ ᠲᠣᠴᠢᠩ ᠳᠤᠷᠠᠯ ᠨᠠᠢ᠍ᠮᠠᠨ ᠪᠣᠯᠤᠨ ᠠᠤᠬᠠᠨ ᠠᠢᠮᠠᠭ ᠤ᠋ᠨ ᠳᠡᠭᠡᠳᠦ ᠪᠣᠯᠵᠠᠢ᠃ ᠪᠣᠳᠢ ᠠᠯᠠᠭ ᠬᠠᠭᠠᠨ ᠨᠠᠰᠤ ᠪᠠᠷᠠᠭᠰᠠᠨ ᠳ᠋ᠤ᠌ ᠠᠬᠠᠮᠠᠳ ᠬᠥᠪᠡᠭᠦᠨ ᠲᠠᠷᠠᠢᠰᠤᠨ ᠬᠦᠳᠡᠩ ᠰᠠᠭᠤᠷᠢᠨ ᠢ᠋ ᠵᠠᠯᠭᠠᠪᠠ᠃ ᠲᠠᠷᠠᠢᠰᠤᠨ ᠬᠦᠳᠡᠩ ᠨᠥᠭᠴᠢᠭᠰᠡᠨᠡ ᠲᠡᠭᠦᠨ ᠦ᠌ ᠠᠬᠠᠮᠠᠳ ᠬᠥᠪᠡᠭᠦᠨ ᠲᠦᠮᠡᠨ ᠲᠠᠢᠵᠢ ᠰᠠᠭᠤᠷᠢᠨ ᠳ᠋ᠤ᠌ ᠰᠠᠭᠤᠵᠤ᠂ ᠲᠦᠮᠡᠨ ᠵᠠᠰᠠᠭᠲᠤ ᠬᠠᠭᠠᠨ ᠭᠡᠮᠡᠨ ᠠᠯᠳᠠᠷᠰᠢᠪᠠ᠃ ᠲᠦᠮᠡᠨ ᠵᠠᠰᠠᠭᠲᠤ ᠬᠠᠭᠠᠨ ᠤ᠋ ᠲᠥᠷᠥ ᠶ᠋ᠢ ᠲᠡᠭᠦᠨ ᠦ᠌ ᠠᠬᠠᠮᠠᠳ ᠬᠥᠪᠡᠭᠦᠨ ᠪᠤᠶᠠᠨ ᠵᠠᠯᠭᠠᠮᠵᠢᠯᠠᠭᠠᠳ ᠪᠤᠶᠠᠨ ᠲᠢᠶᠠᠨ ᠰᠡᠴᠡᠨ ᠬᠠᠭᠠᠨ ᠬᠡᠮᠡᠪᠡ᠃ 1603 ᠣᠨ ᠳ᠋ᠤ᠌᠂ ᠪᠤᠶᠠᠨ ᠲᠢᠶᠠᠨ ᠰᠡᠴᠡᠨ ᠬᠠᠭᠠᠨ ᠨᠠᠰᠤ ᠪᠠᠷᠠᠪᠠ᠃ ᠲᠡᠭᠦᠨ ᠦ᠌ ᠠᠬᠠᠮᠠᠳ ᠬᠥᠪᠡᠭᠦᠨ ᠮᠠᠩᠬᠤᠰ ᠲᠠᠢᠵᠢ᠂ ᠪᠤᠶᠠᠨ ᠬᠠᠭᠠᠨ ᠢ᠋ ᠠᠮᠢᠳᠤ ᠰᠡᠷᠡᠭᠦᠨ ᠪᠠᠢᠬᠤ ᠳ᠋ᠤ᠌ ᠨᠢ ᠨᠢᠭᠡᠨᠲᠡ ᠨᠠᠰᠤ ᠪᠠᠷᠠᠵᠠᠢ᠃ ᠲᠡᠭᠦᠨᠴᠡ ᠶᠡᠬᠡ ᠬᠠᠭᠠᠨ ᠤ᠋ ᠰᠠᠭᠤᠷᠢᠨ ᠢ᠋ ᠮᠠᠩᠬᠤᠰ ᠲᠠᠢᠵᠢ ᠶ᠋ᠢᠨ ᠠᠬᠠᠮᠠᠳ ᠬᠥᠪᠡᠭᠦᠨ ᠯᠢᠭᠳᠡᠨ ᠵᠠᠯᠭᠠᠮᠵᠢᠯᠠᠬᠤ ᠪᠣᠯᠪᠠ᠃1604 ᠣᠨ ᠳ᠋ᠤ᠌᠂ ᠪᠦᠬᠦ ᠮᠣᠩᠭᠣᠯ ᠤ᠋ᠨ ᠬᠠᠤᠯᠢ ᠶᠣᠰᠣᠨ ᠤ᠋ ᠶᠡᠬᠡ ᠬᠠᠭᠠᠨ ᠪᠣᠯᠤᠭᠰᠠᠨ ᠯᠢᠭᠳᠡᠨ ᠬᠠᠷᠠᠬᠠᠨ ᠵᠠᠯᠠᠭᠤ ᠪᠠᠢᠭᠰᠠᠨ ᠪᠣᠯᠪᠠᠴᠤ᠂ ᠡᠷᠳᠡᠮ ᠮᠡᠳᠡᠯᠭᠡ ᠪᠣᠯᠤᠨ ᠤᠯᠤᠰ ᠲᠥᠷᠥ ᠶ᠋ᠢᠨ ᠠᠪᠢᠶᠠᠰ ᠪᠢᠯᠢᠭ ᠢ᠋ ᠪᠦᠷᠢᠳᠬᠡᠵᠡᠢ᠃ ᠲᠡᠷᠡ ᠰᠠᠭᠤᠷᠢᠨ ᠳ᠋ᠤ᠌ ᠰᠠᠭᠤᠮᠠᠭᠴᠠ ᠪᠦᠬᠦ ᠮᠣᠩᠭᠣᠯ ᠳ᠋ᠠᠬᠢ ᠨᠣᠶᠠᠷᠬᠠᠯ ᠢ᠋ᠶ᠋ᠠᠨ ᠴᠢᠩᠭᠠᠳᠬᠠᠵᠤ᠂ ᠳᠡᠭᠡᠳᠦᠰ ᠦ᠋ᠨ ᠢ᠋ᠶ᠋ᠡᠨ ᠦᠯᠡᠳᠡᠭᠡᠭᠰᠡᠨ ᠶᠡᠬᠡ ᠦᠢᠯᠡᠰ ᠢ᠋ ᠳᠠᠬᠢᠨ ᠪᠠᠳᠠᠷᠠᠭᠤᠯᠤᠨ ᠮᠠᠨᠳᠤᠭᠤᠯᠬᠤ ᠪᠠᠷ ᠵᠣᠷᠢᠭ ᠰᠢᠢᠳᠴᠦ ᠪᠠᠢᠭᠰᠠᠨ᠃ ᠯᠢᠭᠳᠡᠨ ᠬᠠᠭᠠᠨ ᠲᠡᠭᠦᠨ ᠦ᠌ ᠳᠡᠭᠡᠳᠦᠰ ᠦ᠋ᠨ ᠭᠡᠷᠡᠯ ᠭᠢᠯᠪᠠᠭ᠎ᠠ ᠰᠠᠴᠤᠷᠠᠭᠰᠠᠨ ᠤᠷᠲᠤ ᠬᠠᠷᠰᠢ ᠶ᠋ᠢ ᠳᠠᠭᠤᠷᠢᠶᠠᠵᠤ᠂ ᠥᠪᠥᠷ ᠬᠠᠯᠬ᠎ᠠ ᠲᠠᠪᠤᠨ ᠣᠲᠣᠭ ᠤ᠋ᠨ ᠪᠠᠭᠠᠷᠢᠨ ᠤ᠋ ᠬᠢᠯᠢ ᠳ᠋ᠡᠬᠢ ᠠᠪᠠᠭ᠎ᠠ ᠬᠠᠷ᠎ᠠ ᠶ᠋ᠢᠨ ᠬᠣᠷᠮᠣᠢ ᠳ᠋ᠤ᠌ ᠸᠴᠢᠷᠲᠦ ᠴᠠᠭᠠᠨ ᠬᠣᠲᠠ ᠬᠡᠮᠡᠬᠦ ᠶᠡᠬᠡ ᠤᠷᠲᠤ ᠬᠠᠷᠰᠢ ᠶ᠋ᠢ ᠪᠠᠷᠢᠵᠤ ᠪᠣᠰᠬᠠᠪᠠ [1] ᠃ ᠡᠨᠡᠬᠦ ᠴᠠᠭᠠᠨ ᠬᠣᠲᠠ ᠨᠢ ᠪᠦᠬᠦ ᠮᠣᠩᠭᠣᠯ ᠤ᠋ᠨ ᠲᠥᠷᠥ ᠶ᠋ᠢ ᠤᠳᠤᠷᠢᠳᠤᠨ ᠨᠣᠶᠠᠷᠬᠠᠬᠤ ᠤᠯᠤᠰ ᠲᠥᠷᠥ᠂ ᠴᠡᠷᠢᠭ ᠦ᠋ᠨ ᠶᠠᠪᠤᠳᠠᠯ᠂ ᠠᠵᠤ ᠠᠬᠤᠢ᠂ ᠰᠣᠶᠣᠯ ᠤ᠋ᠨ ᠲᠥᠪ ᠪᠣᠯᠵᠤ ᠪᠠᠢᠭᠰᠠᠨ ᠶᠤᠮ᠃ ᠲᠡᠷᠡ ᠬᠢᠷᠢ ᠳ᠋ᠦ᠍ ᠮᠠᠨᠵᠤ ᠶ᠋ᠢᠨ ᠶᠡᠬᠡᠬᠡ ᠠᠢᠮᠠᠭ ᠤ᠋ᠨ ᠲᠠᠢᠱ᠌ᠢ ᠶ᠋ᠢᠨ ᠬᠥᠪᠡᠭᠦᠨ ᠳᠡᠯᠭᠡᠷ ᠦ᠋ᠨ ᠥᠬᠢᠨ ᠰᠤᠳᠠᠢ ᠶ᠋ᠢ ᠯᠢᠭᠳᠡᠨ ᠬᠠᠭᠠᠨ ᠭᠣᠣᠯ ᠣᠷᠳᠣᠨ ᠳ᠋ᠤ᠌ ᠡᠰᠢ ᠬᠠᠲᠤᠨ ᠢ᠋ᠶ᠋ᠠᠷ ᠵᠠᠯᠠᠵᠠᠢ᠃ ᠡᠰᠢ ᠬᠠᠲᠤᠨ ᠰᠤᠳᠠᠢ ᠪᠣᠯᠤᠨ ᠨᠠᠩᠨᠠᠩ᠂ ᠭᠣᠣᠯ ᠲᠦᠮᠡᠨ᠂ ᠳᠡᠭᠦᠦ ᠲᠦᠮᠡᠨ᠂ ᠪᠢᠵᠢ᠂ ᠥᠯᠵᠡᠢᠲᠦ (《ᠳᠣᠷᠣᠨᠠᠲᠤ ᠭᠡᠷᠡᠯᠲᠦ ᠬᠠᠭᠠᠯᠭ᠎ᠠ ᠶ᠋ᠢᠨ ᠲᠡᠮᠳᠡᠭᠯᠡᠯ》 ᠳ᠋ᠦ᠍ ᠪᠣᠢ) ᠮᠡᠲᠦ ᠶ᠋ᠢᠨ ᠬᠠᠲᠤᠨ ᠨᠢ ᠯᠢᠭᠳᠡᠨ ᠬᠠᠭᠠᠨ ᠤ᠋《ᠨᠠᠢ᠍ᠮᠠᠨ ᠶᠡᠬᠡ ᠹᠦᠵᠢᠨ》 ᠭᠡᠮᠡᠨ ᠠᠯᠳᠠᠷᠰᠢᠵᠤ ᠪᠠᠢᠭᠰᠠᠨ᠃ ᠴᠠᠭᠠᠨ ᠬᠣᠲᠠ ᠶ᠋ᠢᠨ ᠳᠣᠲᠣᠷᠠᠬᠢ ᠶᠡᠬᠡ ᠬᠠᠭᠠᠨ ᠪᠣᠯᠤᠨ《ᠨᠠᠢ᠍ᠮᠠᠨ ᠶᠡᠬᠡ ᠹᠦᠵᠢᠨ》 ᠦ᠌ ᠬᠠᠷᠰᠢ ᠶ᠋ᠢ ᠬᠣᠶᠠᠷ ᠰᠣᠨᠣᠮ ᠢ᠋ᠶ᠋ᠠᠷ ᠲᠡᠷᠢᠭᠦᠯᠡᠭᠰᠡᠨ ᠭᠤᠷᠪᠠᠨ ᠵᠠᠭᠤᠨ ᠪᠠᠭᠠᠲᠤᠷ ᠢ᠋ᠶ᠋ᠠᠷ ᠰᠢᠳᠠᠷ ᠴᠡᠷᠢᠭ ᠪᠣᠯᠭᠠᠵᠤ [2]᠂ ᠡᠳᠦᠷ ᠰᠥᠨᠢ ᠶ᠋ᠢᠨ ᠵᠢᠱ᠌ᠢᠶ᠎ᠡ ᠪᠡᠷ ᠡᠭᠡᠯᠵᠢᠯᠡᠨ ᠬᠠᠮᠠᠭᠠᠯᠠᠵᠤ ᠪᠠᠢᠭᠰᠠᠨ᠃ ᠬᠣᠲᠠᠨ ᠳ᠋ᠠᠬᠢ ᠲᠥᠪ ᠦ᠋ᠨ ᠪᠠᠢᠭᠤᠯᠤᠮᠵᠢ ᠶ᠋ᠢᠨ ᠵᠠᠰᠠᠭ ᠵᠠᠬᠢᠷᠭᠠᠨ ᠤ᠋ ᠶᠠᠪᠤᠳᠠᠯ ᠢ᠋ ᠯᠢᠭᠳᠡᠨ ᠬᠠᠭᠠᠨ ᠠ᠋ᠴᠠ ᠢᠲᠡᠭᠡᠵᠦ ᠲᠣᠮᠢᠯᠠᠭᠰᠠᠨ ᠨᠣᠮ ᠤ᠋ᠨ ᠠᠷᠰᠯᠠᠨ᠂ ᠢᠳᠡᠷ ᠠᠷᠰᠯᠠᠨ᠂ ᠲᠥᠯᠥᠨ ᠴᠢᠳᠠᠬᠤ [3]᠂ ᠭᠠᠷᠮ᠎ᠠ ᠵᠢᠨᠦᠩ [4] ᠨᠠᠷ ᠪᠣᠳᠠᠲᠠᠢ ᠬᠠᠷᠢᠭᠤᠴᠠᠵᠤ ᠪᠠᠢᠪᠠ᠃ ᠯᠢᠭᠳᠡᠨ ᠬᠠᠭᠠᠨ ᠪᠠᠰᠠ ᠵᠡᠭᠦᠨ ᠪᠠᠷᠠᠭᠤᠨ ᠭᠠᠷᠤᠨ ᠭᠤᠷᠪᠠᠨ ᠲᠦᠮᠡᠨ ᠦ᠌ ᠭᠠᠵᠠᠷ ᠣᠷᠣᠨ ᠤ᠋ ᠵᠠᠰᠠᠭ ᠵᠠᠬᠢᠷᠭ᠎ᠠ ᠪᠠᠨ ᠴᠢᠩᠭᠠᠳᠬᠠᠬᠤ ᠭᠡᠮᠡᠨ ᠶᠦᠩᠰᠢᠶᠠᠪᠤ ᠶ᠋ᠢᠨ ᠴᠣᠢᠷᠤᠰ ᠲᠠᠪᠤᠨᠠᠩ ᠢ᠋ ᠣᠨᠴᠠ ᠡᠷᠬᠡᠲᠦ ᠲᠦᠰᠢᠮᠡᠯ ᠢ᠋ᠶ᠋ᠡᠷ ᠲᠣᠮᠢᠯᠠᠵᠤ᠂ ᠨᠢᠭᠡ ᠰᠠᠯᠠᠭ᠎ᠠ ᠴᠡᠷᠢᠭ ᠢ᠋ ᠵᠣᠣ ᠴᠧᠩ ᠬᠣᠲᠠᠨ᠎ᠠ ᠰᠠᠭᠤᠯᠭᠠᠵᠤ ᠪᠠᠷᠠᠭᠤᠨ ᠭᠤᠷᠪᠠᠨ ᠲᠦᠮᠡᠨ ᠢ᠋ ᠵᠠᠬᠢᠷᠤᠭᠤᠯᠵᠠᠢ᠃ ᠪᠠᠰᠠ ᠥᠪᠥᠷ ᠬᠠᠯᠬ᠎ᠠ ᠶ᠋ᠢᠨ ᠦᠵᠢᠶᠡᠳ ᠣᠲᠣᠭ ᠤ᠋ᠨ ᠰᠢᠷᠬᠤᠨᠠᠭ ᠳᠦᠭᠦᠷᠡᠩ ᠬᠣᠩ ᠲᠠᠢᠵᠢ ᠶ᠋ᠢ ᠵᠡᠭᠦᠨ ᠭᠤᠷᠪᠠᠨ ᠲᠦᠮᠡᠨ ᠢ᠋ ᠵᠠᠬᠢᠷᠬᠤ ᠣᠨᠴᠠ ᠡᠷᠬᠡᠲᠦ ᠲᠦᠰᠢᠮᠡᠯ ᠢ᠋ᠶ᠋ᠡᠷ ᠲᠣᠮᠢᠯᠠᠵᠠᠢ [5]᠃ ᠴᠠᠬᠠᠷ ᠤ᠋ᠨ ᠨᠠᠢ᠍ᠮᠠᠨ ᠣᠲᠣᠭ ᠨᠢ ᠬᠡᠳᠦᠢᠪᠡᠷ ᠵᠡᠭᠦᠨ ᠭᠤᠷᠪᠠᠨ ᠲᠦᠮᠡᠨ ᠳ᠋ᠦ᠍ ᠪᠠᠭᠲᠠᠵᠤ ᠪᠠᠢᠪᠠᠴᠤ᠂ ᠶᠡᠬᠡ ᠬᠠᠭᠠᠨ ᠯᠢᠭᠳᠡᠨ ᠳ᠋ᠦ᠍ ᠰᠢᠭᠤᠳ ᠬᠠᠷᠢᠶᠠᠯᠠᠭᠳᠠᠵᠤ ᠪᠠᠢᠪᠠ᠃ ᠮᠣᠩᠭᠣᠯ ᠤ᠋ᠨ ᠪᠣᠳᠢ ᠠᠯᠠᠭ ᠬᠠᠭᠠᠨ ᠠ᠋ᠴᠠ ᠢᠨᠠᠭᠰᠢ ᠵᠢᠷᠭᠤᠭᠠᠨ ᠲᠦᠮᠡᠨ ᠮᠣᠩᠭᠣᠯ ᠤ᠋ᠨ ᠳᠣᠲᠣᠷ᠎ᠠ ᠴᠠᠬᠠᠷ ᠢ᠋ ᠬᠦᠴᠦᠷᠬᠡᠭ ᠭᠡᠮᠡᠨ ᠭᠠᠢᠬᠠᠵᠤ ᠪᠠᠢᠭᠰᠠᠨ᠃ 《ᠠᠯᠲᠠᠨ ᠬᠦᠷᠳᠦᠨ ᠮᠢᠩᠭᠠᠨ ᠬᠡᠭᠡᠰᠦᠲᠦ》 ᠪᠣᠯᠤᠨ《ᠲᠠᠢᠴᠢᠩ ᠤᠯᠤᠰ ᠤ᠋ᠨ ᠲᠠᠢᠽᠦ ᠬᠠᠭᠠᠨ ᠤ᠋ ᠮᠠᠭᠠᠳ ᠬᠠᠤᠯᠢ》 ᠳ᠋ᠤ᠌ ᠠᠤᠬᠠᠨ᠂ ᠨᠠᠢ᠍ᠮᠠᠨ᠂ ᠰᠥᠨᠢᠳ᠂ ᠦᠵᠦᠮᠦᠴᠢᠨ ᠢ᠋ ᠴᠠᠬᠠᠷ ᠤ᠋ᠨ ᠵᠡᠭᠦᠨ ᠭᠠᠷᠤᠨ ᠳᠥᠷᠪᠡᠨ ᠣᠲᠣᠭ ᠬᠡᠮᠡᠵᠦ ᠠᠯᠠᠭ᠂ ᠠᠯᠠᠭᠴᠤᠳ᠂ ᠣᠷᠭᠤᠳ ᠳᠣᠯᠣᠳ ᠢ᠋ ᠴᠠᠬᠠᠷ ᠤ᠋ᠨ ᠪᠠᠷᠠᠭᠤᠨ ᠭᠠᠷᠤᠨ ᠳᠥᠷᠪᠡᠨ ᠣᠲᠣᠭ ᠭᠡᠵᠡᠢ᠃ ᠪᠣᠳᠢ ᠠᠯᠠᠭ ᠬᠠᠭᠠᠨ ᠠ᠋ᠴᠠ ᠯᠢᠭᠳᠡᠨ ᠬᠠᠭᠠᠨ ᠬᠦᠷᠲᠡᠯ᠎ᠡ᠂ ᠮᠣᠩᠭᠣᠯ ᠲᠤᠯᠭᠤᠷ ᠪᠢᠴᠢᠭ ᠲᠦ᠍ ᠥᠭᠦᠯᠡᠭᠰᠡᠨ ᠠᠯᠠᠭ ᠤ᠋ᠨ ᠠᠷᠪᠠᠨ ᠬᠣᠶᠠᠷ ᠬᠦᠷᠢᠶ᠎ᠡ [6] ᠨᠢ ᠳᠠᠷᠤᠢ ᠴᠠᠬᠠᠷ ᠬᠠᠭᠠᠨ ᠤ᠋ ᠤᠯᠠᠮᠵᠢᠯᠠᠯᠲᠤ ᠶᠡᠬᠡ ᠬᠦᠷᠢᠶ᠎ᠡ ᠪᠣᠯᠤᠨ᠎ᠠ᠃ ᠯᠢᠭᠳᠡᠨ ᠬᠠᠭᠠᠨ ᠤ᠋ ᠨᠣᠶᠠᠷᠬᠠᠵᠤ ᠪᠠᠢᠭᠰᠠᠨ ᠦᠶ᠎ᠡ ᠳ᠋ᠦ᠍ ᠴᠠᠬᠠᠷ ᠤ᠋ᠨ ᠨᠠᠢ᠍ᠮᠠᠨ ᠣᠲᠣᠭ ᠤ᠋ᠨ ᠬᠥᠮᠦᠨ ᠠᠮᠠ ᠨᠢ ᠦᠷᠡᠵᠢᠵᠦ ᠨᠡᠮᠡᠭᠳᠡᠭᠡᠳ ᠠᠷᠪᠠ ᠭᠠᠷᠤᠢ ᠲᠦᠮᠡ ᠪᠣᠯᠪᠠ᠃ ᠲᠡᠦᠬᠡ ᠶ᠋ᠢᠨ ᠮᠠᠲ᠋ᠧᠷᠢᠶᠠᠯ ᠢ᠋ ᠦᠨᠳᠦᠰᠦᠯᠡᠪᠡᠯ᠂ ᠯᠢᠭᠳᠡᠨ ᠬᠠᠭᠠᠨ ᠲᠤᠬᠠᠢ ᠶ᠋ᠢᠨ ᠴᠠᠭ ᠤ᠋ᠨ ᠪᠠᠢᠳᠠᠯ ᠪᠣᠯᠤᠨ ᠴᠡᠷᠢᠭ ᠦ᠋ᠨ ᠶᠠᠪᠤᠳᠠᠯ ᠤ᠋ᠨ ᠬᠡᠷᠡᠭᠴᠡᠭᠡ ᠪᠡᠨ ᠦᠨᠳᠦᠰᠦᠯᠡᠵᠦ᠂ ᠪᠠᠷᠠᠭᠤᠨ ᠭᠠᠷᠤᠨ ᠠᠯᠠᠭ᠂ ᠠᠯᠠᠭᠴᠤᠳ᠂ ᠣᠷᠭᠤᠳ᠂ ᠳᠣᠯᠣᠳ ᠣᠲᠣᠭ ᠢ᠋ ᠲᠦᠮᠡᠨ ᠦ᠌ ᠨᠢᠭᠡᠴᠡ ᠪᠡᠷ ᠨᠡᠷᠡᠢᠳᠴᠦ᠂ ᠥᠪᠡᠷ ᠢ᠋ᠶ᠋ᠡᠨ ᠹᠦᠵᠢᠨ ᠬᠠᠲᠤᠳ ᠢ᠋ᠶ᠋ᠠᠷ ᠢ᠋ᠶ᠋ᠠᠨ ᠰᠢᠭᠤᠳ ᠵᠠᠬᠢᠷᠠᠭᠤᠯᠵᠦ ᠪᠠᠢᠭᠰᠠᠨ ᠪᠣᠯᠤᠯᠲᠠᠢ᠃ 《ᠳᠣᠷᠣᠨᠠᠲᠤ ᠭᠡᠷᠡᠯᠲᠦ ᠬᠠᠭᠠᠯᠭ᠎ᠠ ᠶ᠋ᠢᠨ ᠲᠡᠮᠳᠡᠭᠯᠡᠯ》 ᠢ᠋ ᠦᠨᠳᠦᠰᠦᠯᠡᠪᠡᠯ᠂ ᠭᠣᠣᠯ ᠲᠦᠮᠡᠨ ᠹᠦᠵᠢᠨ᠂ ᠳᠡᠭᠦᠦ ᠲᠦᠮᠡᠨ ᠹᠦᠵᠢᠨ ᠨᠢ ᠯᠢᠭᠳᠡᠨ ᠬᠠᠭᠠᠨ ᠤ᠋《ᠨᠠᠢ᠍ᠮᠠᠨ ᠶᠡᠬᠡ ᠹᠦᠵᠢᠨ》 ᠦ᠌ ᠳᠣᠲᠣᠷ᠎ᠠ ᠴᠡᠷᠢᠭ ᠦ᠋ᠨ ᠡᠷᠬᠡ ᠠᠳᠬᠤᠵᠤ ᠪᠠᠢᠭᠰᠠᠨ ᠬᠠᠲᠤᠨ ᠶᠤᠮ᠃ ᠡᠢᠮᠦ ᠡᠴᠡ《ᠭᠣᠣᠯ ᠤ᠋ᠨ ᠲᠦᠮᠡᠨ ᠦ᠌ ᠣᠲᠣᠭ ᠤ᠋ᠨ ᠡᠷᠬᠡ ᠶ᠋ᠢ ᠪᠠᠷᠢᠭᠰᠠᠨ ᠹᠦᠵᠢᠨ》[7] ᠪᠤᠶᠤ《ᠭᠣᠣᠯ ᠤ᠋ᠨ ᠲᠦᠮᠡᠨ ᠦ᠌ ᠣᠲᠣᠭ ᠤ᠋ᠨ ᠶᠠᠪᠤᠳᠠᠯ ᠢ᠋ ᠬᠠᠮᠢᠶᠠᠷᠬᠤ》 ᠹᠦᠵᠢᠨ [8] ᠭᠡᠮᠡᠨ ᠥᠭᠦᠯᠡᠵᠦ ᠪᠠᠢᠭᠰᠠᠨ᠃ ᠳᠡᠭᠦᠦ ᠲᠦᠮᠡᠨ ᠹᠦᠵᠢᠨ ᠨᠢ ᠳᠠᠷᠤᠢ ᠬᠣᠶᠠᠳᠤᠭᠠᠷ ᠲᠦᠮᠡᠨ ᠦ᠌ ᠣᠲᠣᠭ ᠤ᠋ᠨ ᠴᠡᠷᠢᠭ ᠦ᠋ᠨ ᠡᠷᠬᠡ ᠶ᠋ᠢ ᠪᠠᠷᠢᠭᠰᠠᠨ ᠬᠠᠲᠤᠨ ᠪᠢᠯᠡ᠃
ᠪᠠᠭᠠᠷᠢᠨ ᠤ᠋ ᠬᠢᠯᠢ ᠳ᠋ᠦ᠍ ᠴᠠᠭᠠᠨ ᠬᠣᠲᠠ ᠶ᠋ᠢ ᠪᠠᠷᠢᠭᠰᠠᠨ ᠤ᠋ ᠳᠠᠷᠠᠭ᠎ᠠ᠂ ᠮᠣᠩᠭᠣᠯ ᠤ᠋ᠨ ᠡᠯ᠎ᠡ ᠠᠢᠮᠠᠭ ᠢ᠋ ᠡᠷᠴᠢᠮ ᠲᠡᠢ ᠪᠡᠷ ᠨᠣᠶᠠᠷᠬᠠᠵᠤ ᠬᠠᠭᠠᠨ ᠡᠷᠬᠡ ᠪᠡᠨ ᠪᠠᠲᠤᠳᠬᠠᠬᠤ ᠶ᠋ᠢᠨ ᠲᠤᠯᠠᠳᠠ ᠯᠢᠭᠳᠡᠨ ᠬᠠᠭᠠᠨ ᠣᠯᠠᠨ ᠲᠠᠯ᠎ᠠ ᠪᠠᠷ ᠴᠢᠷᠮᠠᠢᠪᠠ᠃ ᠲᠡᠷᠡ ᠥᠪᠡᠷ ᠦ᠋ᠨ ᠭᠡᠷ ᠤᠯᠠᠮᠵᠢᠯᠠᠬᠤ ᠠᠯᠠᠭ ᠤ᠋ᠨ ᠠᠷᠪᠠᠨ ᠬᠣᠶᠠᠷ ᠬᠦᠷᠢᠶ᠎ᠡ ᠪᠡᠷ ᠭᠣᠣᠯ ᠴᠣᠭᠴᠠ ᠪᠣᠯᠭᠠᠵᠤ᠂ ᠴᠠᠬᠠᠷ ᠠᠢᠮᠠᠭ ᠢ᠋ᠶ᠋ᠠᠷ ᠰᠠᠭᠤᠷᠢ ᠬᠢᠵᠦ᠂ ᠥᠪᠥᠷ ᠬᠠᠯᠬ᠎ᠠ ᠶ᠋ᠢᠨ ᠵᠠᠷᠤᠳ᠂ ᠪᠠᠭᠠᠷᠢᠨ᠂ ᠪᠠᠶᠤᠳ᠂ ᠦᠵᠢᠶᠡᠳ᠂ ᠬᠣᠩᠭᠢᠷᠠᠳ ᠲᠠᠪᠤᠨ ᠣᠲᠣᠭ ᠢ᠋ ᠰᠢᠭᠤᠳ ᠡᠵᠡᠮᠰᠢᠵᠦ᠂ ᠪᠦᠬᠦ ᠮᠣᠩᠭᠣᠯ ᠤ᠋ᠨ ᠲᠥᠷᠥ ᠶ᠋ᠢᠨ ᠵᠢᠯᠣᠭᠣ ᠶ᠋ᠢ ᠠᠳᠬᠤᠵᠤ ᠪᠠᠢᠭᠰᠠᠨ᠂ ᠯᠢᠭᠳᠡᠨ ᠬᠠᠭᠠᠨ ᠲᠥᠷᠥ ᠪᠠᠷᠢᠭᠰᠠᠨ ᠠᠩᠬᠠᠨ ᠤ᠋ ᠬᠤᠭᠤᠴᠠᠭᠠᠨ ᠳ᠋ᠤ᠌᠂ ᠬᠠᠯᠬ᠎ᠠ ᠶ᠋ᠢᠨ ᠭᠤᠷᠪᠠᠨ ᠬᠠᠨ᠂ ᠬᠠᠷᠠᠴᠢᠨ ᠤ᠋ ᠬᠠᠨ᠂ ᠠᠷᠤ ᠬᠣᠷᠴᠢᠨ ᠤ᠋ ᠴᠡᠭᠡᠨ ᠬᠠᠨ᠂ ᠬᠣᠷᠴᠢᠨ ᠤ᠋ ᠤᠤᠪᠠ ᠬᠣᠩ ᠲᠠᠢᠵᠢ᠂ ᠣᠷᠳᠣᠰ ᠤ᠋ᠨ ᠲᠣᠪᠠ ᠵᠢᠨᠦᠩ ᠨᠠᠷ ᠬᠠᠭᠠᠨᠲᠤ ᠤᠯᠤᠰ ᠤ᠋ᠨ ᠲᠣᠭᠲᠠᠭᠠᠯ ᠶᠣᠰᠣᠭᠠᠷ᠂ ᠲᠣᠭᠲᠠᠭᠰᠠᠨ ᠬᠤᠭᠤᠴᠠᠭᠠᠨ ᠳ᠋ᠤ᠌ ᠴᠠᠭᠠᠨ ᠬᠣᠲᠠ ᠳ᠋ᠤ᠌ ᠢᠷᠡᠵᠡᠭᠡᠵᠦ᠂ ᠶᠡᠬᠡ ᠬᠠᠭᠠᠨ ᠯᠢᠭᠳᠡᠨ ᠳ᠋ᠦ᠍ ᠪᠠᠷᠠᠭᠠᠳᠠᠳᠠᠭ᠃ ᠪᠠᠰᠠ ᠶᠡᠬᠡ ᠬᠠᠭᠠᠨ ᠲᠠᠢ ᠬᠠᠮᠲᠤ ᠪᠠᠷ ᠲᠥᠷᠥ ᠶ᠋ᠢᠨ ᠬᠡᠷᠡᠭ ᠦ᠋ᠳ ᠢ᠋ ᠵᠥᠪᠳᠡᠵᠦ᠂ ᠬᠠᠭᠠᠨ ᠤ᠋ ᠪᠡᠯᠡᠳᠬᠡᠭᠰᠡᠨ ᠬᠤᠷᠢᠮ ᠳᠠᠢᠯᠠᠯᠭ᠎ᠠ ᠳ᠋ᠤ᠌ ᠵᠠᠯᠠᠭᠳᠠᠵᠤ᠂ ᠠᠪᠠ ᠬᠣᠮᠣᠷᠭ᠎ᠠ ᠳ᠋ᠤ᠌ ᠣᠷᠣᠯᠴᠠᠵᠤ ᠪᠠᠢᠪᠠ᠃ ᠮᠣᠩᠭᠣᠯ ᠤ᠋ᠨ ᠡᠯ᠎ᠡ ᠠᠢᠮᠠᠭ ᠤ᠋ᠨ ᠬᠠᠨ᠂ ᠵᠢᠨᠦᠩ᠂ ᠨᠣᠶᠠᠨ᠂ ᠲᠠᠢᠵᠢ ᠨᠠᠷ ᠲᠦᠮᠡᠨ ᠵᠠᠰᠠᠭᠲᠤ ᠬᠠᠭᠠᠨ ᠤ᠋ ᠴᠠᠭᠠᠵᠠ ᠲᠣᠭᠲᠠᠭᠠᠯ ᠢ᠋ ᠵᠢᠷᠤᠮᠯᠠᠨ[9]᠂ ᠬᠠᠷᠢᠶᠠᠲᠤ ᠠᠢᠮᠠᠭ ᠣᠲᠣᠭ ᠢ᠋ᠶ᠋ᠠᠨ ᠡᠷᠴᠢᠮᠲᠡᠢ ᠵᠠᠬᠢᠷᠤᠨ᠂ ᠴᠠᠭᠠᠨ ᠬᠣᠲᠠᠨ ᠳ᠋ᠤ᠌ ᠲᠣᠭᠲᠠᠭᠰᠠᠨ ᠬᠤᠭᠤᠴᠠᠭ᠎ᠠ ᠪᠠᠷ ᠠᠯᠪᠠ ᠪᠠᠷᠢᠳᠠᠭ᠃ ᠬᠣᠷᠴᠢᠨ ᠤ᠋ ᠣᠣᠪᠠ ᠬᠣᠩ ᠲᠠᠢᠵᠢ ᠳ᠋ᠤ᠌ ᠨᠢᠭᠡᠨ ᠬᠠᠩᠭᠠᠢ ᠭᠡᠳᠡᠭ ᠨᠡᠷ᠎ᠡ ᠲᠡᠢ ᠰᠠᠢᠨ ᠮᠣᠷᠢ ᠪᠠᠢᠵᠤ᠂ ᠬᠣᠷᠴᠢᠨ ᠳᠠᠶᠠᠭᠠᠷ ᠠᠯᠳᠠᠷᠰᠢᠭᠰᠠᠨ ᠪᠢᠯᠡ᠃ ᠤᠮᠠᠷᠠᠲᠤ ᠠᠯᠲᠠᠨ ᠤᠯᠤᠰ ᠤ᠋ᠨ ᠡᠵᠡᠨ ᠨᠤᠷᠠᠭᠴᠢ ᠰᠣᠨᠣᠰᠤᠭᠠᠳ ᠮᠠᠰᠢ ᠪᠠᠬᠠᠷᠤᠨ ᠭᠠᠢᠬᠠᠵᠤ᠂ ᠭᠣᠶᠣ ᠰᠠᠢᠬᠠᠨ ᠬᠢᠭᠰᠡᠨ ᠬᠤᠶᠠᠭ ᠳᠤᠭᠤᠯᠠᠭ᠎ᠠ ᠠᠷᠪᠠ ᠶ᠋ᠢ ᠥᠭᠴᠦ ᠲᠡᠷᠡ ᠮᠣᠷᠢ ᠶ᠋ᠢ ᠰᠣᠯᠢᠵᠤ ᠠᠪᠬᠤ ᠭᠡᠪᠡ᠃ ᠣᠣᠪᠠ ᠬᠣᠩ ᠲᠠᠢᠵᠢ ᠡᠰᠡ ᠰᠣᠯᠢᠵᠤ᠂ ᠲᠡᠷᠡ ᠮᠣᠷᠢ ᠶ᠋ᠢ ᠥᠪᠡᠷ ᠦ᠋ᠨ ᠡᠵᠡᠨ ᠯᠢᠭᠳᠡᠨ ᠳ᠋ᠦ᠍ ᠡᠷᠭᠦᠭᠰᠡᠨ ᠪᠢᠯᠡ[10]᠃ ᠬᠣᠷᠴᠢᠨ ᠤ᠋ ᠣᠭᠱᠠᠨ ᠲᠠᠢᠵᠢ ᠳ᠋ᠤ᠌ ᠪᠠᠢᠭᠰᠠᠨ ᠨᠢᠭᠡᠨ ᠠᠪᠠ ᠶ᠋ᠢᠨ ᠪᠦᠷᠭᠦᠳ᠂ ᠨᠢᠰᠴᠦ ᠪᠠᠢᠭ᠎ᠠ ᠰᠢᠪᠠᠭᠤ ᠶ᠋ᠢ ᠬᠥᠨᠳᠡᠯᠡᠨ ᠡᠴᠡ ᠪᠠᠷᠢᠵᠤ ᠴᠢᠳᠠᠳᠠᠭ᠃ ᠯᠢᠭᠳᠡᠨ ᠬᠠᠭᠠᠨ ᠬᠥᠮᠦᠨ ᠵᠠᠷᠤᠵᠤ ᠠᠪᠬᠤ ᠭᠡᠮᠡᠨ ᠬᠦᠰᠡᠭᠰᠡᠨᠡ᠂ ᠣᠭᠱᠠᠨ ᠲᠠᠢᠵᠢ ᠬᠠᠢᠷᠠᠯᠠᠭᠠᠳ ᠥᠭᠬᠦ ᠳᠤᠷ᠎ᠠ ᠦᠭᠡᠢ ᠪᠠᠢᠪᠠ᠃ ᠣᠣᠪᠠ ᠬᠣᠩ ᠲᠠᠢᠵᠢ ᠲᠡᠭᠦᠨ ᠳ᠋ᠦ᠍ ᠥᠪᠡᠷ ᠦ᠋ᠨ ᠬᠠᠭᠠᠨ ᠢ᠋ᠶ᠋ᠠᠨ ᠬᠦᠨᠳᠦᠳᠬᠡᠬᠦ ᠬᠡᠷᠡᠭᠲᠡᠢ ᠬᠡᠮᠡᠬᠦ ᠳ᠋ᠦ᠍ ᠠᠪᠠ ᠶ᠋ᠢᠨ ᠪᠦᠷᠭᠦᠳ ᠢ᠋ ᠯᠢᠭᠳᠡᠨ ᠬᠠᠭᠠᠨ ᠳ᠋ᠤ᠌ ᠬᠦᠷᠭᠡᠵᠦ ᠥᠭᠴᠡᠢ[11]᠃ ᠯᠢᠭᠳᠡᠨ ᠬᠠᠭᠠᠨ ᠪᠠᠰᠠ ᠪᠦᠬᠦ ᠮᠣᠩᠭᠣᠯ ᠢ᠋ᠶ᠋ᠠᠨ ᠰᠠᠢᠲᠤᠷ ᠨᠣᠶᠠᠷᠬᠠᠬᠤ ᠶ᠋ᠢᠨ ᠲᠥᠯᠥᠭᠡ᠂ ᠯᠠᠮᠠ ᠶ᠋ᠢᠨ ᠱᠠᠰᠢᠨ ᠢ᠋ ᠠᠰᠢᠭᠯᠠᠵᠤ ᠥᠪᠡᠷ ᠦ᠋ᠨ ᠨᠥᠯᠥᠭᠡ ᠪᠡᠨ ᠴᠢᠨᠠᠭᠰᠢᠳᠠ ᠥᠷᠭᠡᠳᠬᠡᠬᠦ ᠪᠡᠷ ᠣᠷᠣᠯᠳᠣᠵᠠᠢ᠃ ᠯᠢᠭᠳᠡᠨ ᠬᠠᠭᠠᠨ ᠰᠠᠭᠤᠷᠢᠨ ᠳ᠋ᠤ᠌ ᠵᠠᠯᠠᠷᠠᠭᠰᠠᠨ ᠲᠡᠷᠡ ᠵᠢᠯ ᠳ᠋ᠦ᠍᠂ ᠳᠥᠷᠪᠡᠳᠦᠭᠡᠷ ᠳᠦᠷᠢ ᠶ᠋ᠢᠨ ᠳᠠᠯᠠᠢ ᠯᠠᠮᠠ ᠶᠣᠨᠳᠣᠨᠵᠠᠮᠰᠤ ᠠ᠋ᠴᠠ ᠮᠠᠢᠳᠠᠷᠢ ᠬᠤᠲᠤᠭᠲᠤ ᠵᠠᠨᠠᠩᠭᠣᠩᠭᠠᠨᠢᠩᠪᠤ ᠶ᠋ᠢ ᠮᠣᠩᠭᠣᠯ ᠵᠦᠭ ᠲᠣᠮᠢᠯᠠᠵᠠᠢ᠃ ᠮᠠᠢᠳᠠᠷᠢ ᠬᠤᠲᠤᠭᠲᠤ ᠣᠷᠳᠣᠰ ᠢ᠋ᠶ᠋ᠠᠷ ᠥᠩᠭᠡᠷᠡᠨ ᠬᠥᠬᠡᠬᠣᠲᠠ ᠳ᠋ᠤ᠌ ᠢᠷᠡᠭᠡᠳ᠂ ᠮᠣᠩᠭᠣᠯ ᠣᠷᠣᠨ ᠳ᠋ᠠᠬᠢ ᠰᠢᠷ᠎ᠠ ᠶ᠋ᠢᠨ ᠱᠠᠰᠢᠨ ᠤ᠋ ᠦᠢᠯᠡ ᠶ᠋ᠢ ᠡᠷᠬᠢᠯᠡᠬᠦ ᠰᠢᠷᠡᠭᠡᠲᠦ ᠯᠠᠮᠠ ᠪᠣᠯᠵᠠᠢ᠃ ᠳᠡᠮᠡᠢ ᠤᠳᠠᠯ ᠦᠭᠡᠢ ᠡᠨᠡᠬᠦ ᠮᠠᠢᠳᠠᠷᠢ ᠬᠤᠲᠤᠭᠲᠤ ᠨᠣᠮᠣᠨ ᠬᠠᠨ ᠪᠣᠯᠤᠨ ᠵᠣᠨᠢ ᠴᠣᠷᠵᠢ ᠶ᠋ᠢ ᠯᠢᠭᠳᠡᠨ ᠬᠠᠭᠠᠨ ᠴᠠᠭᠠᠨ ᠬᠣᠲᠠᠨ ᠳ᠋ᠤ᠌ ᠵᠠᠯᠠᠵᠤ ᠠᠪᠴᠢᠷᠠᠭᠠᠳ᠂ ᠱᠠᠰᠢᠨ ᠤ᠋ ᠬᠥᠳᠡᠯᠭᠡᠭᠡᠨ ᠬᠢᠯᠭᠡᠵᠡᠢ᠃1618 ᠣᠨ ᠳ᠋ᠤ᠌᠂ ᠯᠢᠭᠳᠡᠨ ᠬᠠᠭᠠᠨ ᠤ᠋ ᠬᠣᠷᠢᠨ ᠵᠢᠷᠭᠤᠭᠠᠲᠠᠢ ᠵᠢᠯ ᠳ᠋ᠦ᠍᠂ ᠲᠥᠪᠡᠳ ᠦ᠋ᠨ ᠤᠯᠠᠭᠠᠨ ᠮᠠᠯᠠᠭᠠᠢᠲᠤ ᠶ᠋ᠢᠨ ᠱᠠᠰᠢᠨ ᠤ᠋ ᠡᠲᠡᠭᠡᠳ ᠡᠴᠡ ᠱᠠᠷᠪᠠ ᠬᠤᠲᠤᠭᠲᠤ ᠶ᠋ᠢ ᠲᠣᠮᠢᠯᠠᠨ ᠢᠷᠡᠭᠦᠯᠵᠦ᠂ ᠮᠣᠩᠭᠣᠯ ᠣᠷᠣᠨ ᠠ᠋ᠴᠠ ᠲᠡᠳᠡᠨᠦᠰ ᠦ᠋ᠨ ᠥᠮᠥᠭ ᠲᠦᠰᠢᠭ ᠪᠣᠯᠣᠭᠰᠠᠳ ᠢ᠋ᠶ᠋ᠠᠨ ᠡᠷᠢᠬᠦ ᠭᠡᠪᠡ᠃ ᠱᠠᠷᠪᠠ ᠬᠤᠲᠤᠭᠲᠤ ᠥᠪᠡᠷ ᠦ᠋ᠨ ᠡᠷᠳᠡᠮ ᠴᠢᠳᠠᠯ ᠢ᠋ᠶ᠋ᠠᠷ ᠢ᠋ᠶ᠋ᠠᠨ ᠯᠢᠭᠳᠡᠨ ᠬᠠᠭᠠᠨ ᠢ᠋ ᠨᠢᠭᠡᠮᠦᠰᠦᠨ ᠪᠢᠰᠢᠷᠡᠭᠦᠯᠦᠭᠰᠡᠨ ᠲᠤᠯᠠ ᠴᠠᠭᠠᠨ ᠬᠣᠲᠠᠨ ᠳ᠋ᠤ᠌ ᠦᠪᠡᠳᠡᠭᠰᠢ ᠶᠡᠬᠡ ᠪᠡᠷ ᠤᠭᠲᠤᠭᠳᠠᠵᠠᠢ᠃ ᠱᠠᠷᠪᠠ ᠬᠤᠲᠤᠭᠲᠤ ᠠ᠋ᠴᠠ ᠭᠦᠨ ᠨᠠᠷᠢᠨ ᠨᠢᠭᠤᠴᠠ ᠬᠥᠯᠭᠡᠨ ᠦ᠌ ᠠᠪᠢᠰᠢᠭ ᠠᠪᠤᠭᠠᠳ ᠱᠠᠷᠪᠠ ᠬᠤᠲᠤᠭᠲᠤ ᠳ᠋ᠤ᠌ ᠸᠴᠢᠷ ᠳ᠋ᠠᠷᠨ ᠬᠤᠲᠤᠭᠲᠤ ᠫᠠᠯᠠᠮᠠ ᠬᠡᠮᠡᠬᠦ ᠴᠣᠯᠠ ᠡᠷᠭᠦᠪᠡᠢ[13]᠃ ᠡᠨᠡᠬᠦ ᠬᠥᠳᠡᠯᠭᠡᠭᠡᠨ ᠢ᠋ᠶ᠋ᠡᠨ ᠬᠤᠪᠢᠯᠠᠢ ᠬᠠᠭᠠᠨ ᠢ᠋ ᠳᠠᠭᠤᠷᠢᠶᠠᠵᠤ ᠪᠣᠢ ᠭᠡᠮᠡᠨ ᠯᠢᠭᠳᠡᠨ ᠬᠠᠭᠠᠨ ᠪᠣᠳᠣᠵᠤ ᠪᠠᠢᠭᠰᠠᠨ᠃ ᠯᠢᠭᠳᠡᠨ ᠬᠠᠭᠠᠨ ᠤ᠋ ᠢᠲᠡᠭᠡᠯ ᠢ᠋ ᠤᠯᠠᠮ ᠢ᠋ᠶ᠋ᠠᠷ ᠣᠯᠬᠤ ᠶ᠋ᠢᠨ ᠲᠥᠯᠥᠭᠡ᠂ ᠡᠷᠲᠡᠨ ᠦ᠌ ᠫᠠᠭᠪᠠ ᠯᠠᠮᠠ ᠶ᠋ᠢᠨ ᠠᠯᠲᠠ ᠪᠠᠷ ᠴᠢᠳᠬᠤᠵᠤ ᠪᠦᠲᠦᠭᠡᠭᠰᠡᠨ ᠮᠠᡁᠺᠠᠯᠠ ᠪᠤᠷᠬᠠᠨ ᠢ᠋ ᠤᠲᠠᠢ ᠶ᠋ᠢᠨ ᠠᠭᠤᠯᠠᠨ ᠠ᠋ᠴᠠ ᠠᠪᠴᠢᠷᠠᠵᠤ᠂ ᠱᠠᠷᠪᠠ ᠬᠤᠲᠤᠭᠲᠤ ᠠ᠋ᠴᠠ ᠯᠢᠭᠳᠡᠨ ᠬᠠᠭᠠᠨ ᠳ᠋ᠤ᠌ ᠡᠷᠭᠦᠵᠡᠢ᠃[14]᠃ ᠯᠢᠭᠳᠡᠨ ᠬᠠᠭᠠᠨ ᠠᠯᠲᠠᠨ ᠣᠷᠣᠢ ᠲᠠᠢ ᠴᠠᠭᠠᠨ ᠰᠦᠮ᠎ᠡ ᠪᠠᠷᠢᠵᠤ ᠮᠠᡁᠺᠠᠯᠠ ᠪᠤᠷᠬᠠᠨ ᠢ᠋ ᠲᠠᠬᠢᠪᠠ᠃ ᠪᠠᠰᠠ ᠬᠦᠩᠭᠠᠠᠤᠤᠨᠰᠠᠷ᠂ ᠪᠢᠨᠳᠡᠳᠡ ᠭᠦᠦᠰᠢ᠂ ᠠᠨᠠᠨᠳᠠ ᠭᠦᠦᠰᠢ᠂ ᠲᠡᠷᠢᠭᠦᠲᠡᠢ ᠭᠤᠴᠢᠨ ᠭᠤᠷᠪᠠᠨ ᠠᠯᠳᠠᠷᠲᠤ ᠣᠷᠴᠢᠭᠤᠯᠤᠭᠴᠢ ᠶ᠋ᠢ ᠴᠤᠭᠯᠠᠭᠤᠯᠤᠨ᠂1628 ᠣᠨ ᠠ᠋ᠴᠠ1629 ᠣᠨ ᠤ᠋ ᠬᠣᠭᠣᠷᠣᠨᠳᠣ᠂《ᠭᠠᠨᠵᠤᠤᠷ》 ᠨᠣᠮ ᠤ᠋ᠨ ᠵᠠᠭᠤ ᠨᠠᠢ᠍ᠮᠠᠨ ᠪᠣᠳᠢ ᠶ᠋ᠢ ᠣᠷᠴᠢᠭᠤᠯᠤᠭᠠᠳ(ᠵᠠᠷᠢᠮ ᠪᠣᠳᠢ ᠶ᠋ᠢ ᠡᠷᠲᠡᠨ ᠦ᠌ ᠬᠥᠮᠦᠨ ᠨᠢᠭᠡᠨᠲᠡ ᠣᠷᠴᠢᠭᠤᠯᠪᠠ) ᠬᠥᠬᠡ ᠴᠠᠭᠠᠰᠤᠨ ᠳᠡᠭᠡᠷ᠎ᠡ ᠠᠯᠲᠠ ᠪᠠᠷ ᠪᠢᠴᠢᠵᠦ ᠲᠠᠯᠪᠢᠪᠠ᠃ ᠲᠡᠭᠦᠨᠴᠡ ᠲᠥᠷᠥ ᠤᠯᠠᠮᠵᠢᠯᠠᠬᠤ ᠠᠯᠲᠠᠨ ᠲᠠᠮᠠᠭ᠎ᠠ᠂ ᠠᠯᠲᠠᠨ ᠮᠠᡁᠺᠠᠯᠠ ᠪᠤᠷᠬᠠᠨ᠂ ᠠᠯᠲᠠᠨ《ᠭᠠᠨᠵᠤᠤᠷ》 ᠨᠢ ᠯᠢᠭᠳᠡᠨ ᠬᠠᠭᠠᠨ ᠤ᠋ ᠭᠤᠷᠪᠠᠨ ᠡᠷᠳᠡᠨᠢ ᠪᠣᠯᠵᠠᠢ᠃
ᠭᠡᠲᠡᠯ᠎ᠡ ᠱᠠᠷᠪᠠ ᠬᠤᠲᠤᠭᠲᠤ ᠶ᠋ᠢ ᠤᠯᠤᠰ ᠤ᠋ᠨ ᠪᠠᠭᠰᠢ ᠪᠣᠯᠭᠠᠵᠤ᠂ ᠤᠯᠠᠭᠠᠨ ᠮᠠᠯᠠᠭᠠᠢᠲᠤ ᠶ᠋ᠢᠨ ᠱᠠᠰᠢᠨ ᠢ᠋ ᠰᠢᠲᠦᠭᠰᠡᠨ ᠶᠠᠪᠤᠳᠠᠯ ᠨᠢ ᠯᠢᠭᠳᠡᠨ ᠬᠠᠭᠠᠨ ᠤ᠋ ᠢᠲᠡᠭᠡᠯ ᠪᠣᠯᠤᠨ ᠠᠯᠳᠠᠷ ᠳᠤ ᠮᠠᠰᠢ ᠶᠡᠬᠡ ᠨᠥᠯᠥᠭᠡ ᠦᠵᠡᠭᠦᠯᠵᠡᠢ᠃ ᠰᠢᠷ᠎ᠠ ᠶ᠋ᠢᠨ ᠱᠠᠰᠢᠨ ᠢ᠋ ᠭᠦᠨ ᠢ᠋ᠶ᠋ᠡᠷ ᠰᠢᠲᠦᠨ ᠰᠦᠵᠦᠭᠯᠡᠬᠦ ᠭᠣᠪᠢ ᠶ᠋ᠢᠨ ᠠᠷᠤ ᠳ᠋ᠠᠬᠢ ᠬᠠᠯᠬ᠎ᠠ ᠪᠣᠯᠤᠨ ᠪᠠᠷᠠᠭᠤᠨ ᠭᠤᠷᠪᠠᠨ ᠲᠦᠮᠡᠨ ᠦ᠌ ᠡᠯ᠎ᠡ ᠠᠢᠮᠠᠭ ᠤ᠋ᠨ ᠬᠠᠨ᠂ ᠵᠢᠨᠦᠩ᠂ ᠨᠣᠶᠠᠨ ᠂ ᠲᠠᠢᠵᠢ ᠨᠠᠷ ᠯᠢᠭᠳᠡᠨ ᠬᠠᠭᠠᠨ ᠠ᠋ᠴᠠ ᠠᠭᠠᠵᠢᠮ ᠢ᠋ᠶ᠋ᠠᠷ ᠵᠠᠢᠳᠠᠵᠤ ᠡᠬᠢᠯᠡᠪᠡ᠃ ᠨᠥᠯᠥᠭᠡ ᠶᠡᠬᠡᠲᠡᠢ ᠮᠠᠢᠳᠠᠷᠢ ᠬᠤᠲᠤᠭᠲᠤ ᠨᠣᠮ ᠤ᠋ᠨ ᠬᠠᠨ ᠪᠠᠰᠠ ᠯᠢᠭᠳᠡᠨ ᠬᠠᠭᠠᠨ ᠲᠠᠢ ᠠᠳᠠᠯᠢ ᠪᠤᠰᠤ ᠦᠵᠡᠯ ᠲᠡᠢ ᠪᠠᠢᠵᠠᠢ᠃ ᠲᠡᠷᠡ ᠬᠠᠯᠬ᠎ᠠ ᠳ᠋ᠤ᠌ ᠤᠳᠠᠭᠠᠨ ᠰᠠᠭᠤᠵᠤ(ᠲᠡᠨᠳᠡ ᠲᠠᠭᠠᠯᠠᠯ ᠪᠣᠯᠪᠠ)᠂ ᠯᠢᠭᠳᠡᠨ ᠬᠠᠭᠠᠨ ᠢ᠋ ᠳᠡᠮᠵᠢᠬᠦ ᠪᠡᠨ ᠪᠣᠯᠢᠪᠠ᠃
ᠬᠣᠶᠠᠷ ᠯᠢᠭᠳᠡᠨ ᠬᠠᠭᠠᠨ ᠤ᠋ ᠮᠠᠨᠵᠤ ᠶ᠋ᠢ ᠡᠰᠡᠷᠭᠦᠴᠡᠭᠰᠡᠨ ᠲᠡᠮᠡᠴᠡᠯ
ᠯᠢᠭᠳᠡᠨ ᠬᠠᠭᠠᠨ ᠤᠯᠠᠭᠠᠨ ᠤ᠋ ᠱᠠᠰᠢᠨ ᠢ᠋ ᠰᠢᠲᠦᠭᠰᠡᠨ(1618) ᠤ᠋ ᠳᠠᠷᠠᠭ᠎ᠠ᠂ ᠮᠣᠩᠭᠣᠯ ᠤ᠋ᠨ ᠨᠣᠶᠠᠷᠬᠠᠭᠴᠢ ᠠᠩᠭᠢ ᠶ᠋ᠢᠨ ᠳᠣᠲᠣᠭᠠᠳᠤ ᠳ᠋ᠤ᠌ ᠯᠢᠭᠳᠡᠨ ᠬᠠᠭᠠᠨ ᠲᠠᠢ ᠦᠯᠦ ᠲᠠᠭᠠᠷᠠᠯᠴᠠᠬᠤ ᠬᠡᠯᠪᠡᠷᠢᠯ ᠭᠠᠷᠤᠭᠰᠠᠨ ᠪᠣᠯᠪᠠᠴᠤ᠂ ᠡᠯ᠎ᠡ ᠠᠢᠮᠠᠭ ᠤ᠋ᠳ ᠦᠨᠳᠦᠰᠦᠨ ᠳ᠋ᠡᠭᠡᠨ ᠮᠥᠨ ᠲᠡᠭᠦᠨ ᠦ᠌ ᠵᠠᠬᠢᠶ᠎ᠠ ᠵᠠᠷᠯᠢᠭ ᠢ᠋ ᠰᠣᠨᠣᠰᠴᠤ ᠪᠠᠢᠭᠰᠠᠨ ᠶᠤᠮ᠃
16 ᠳ᠋ᠤᠭᠠᠷ ᠵᠠᠭᠤᠨ ᠤ᠋ ᠰᠡᠭᠦᠯᠴᠢ ᠡᠴᠡ ᠡᠬᠢᠯᠡᠨ᠂ ᠵᠡᠭᠦᠨ ᠬᠣᠢᠲᠤ ᠣᠷᠣᠨ ᠤ᠋ ᠵᠢᠶᠠᠨ ᠵᠧᠦ ᠶ᠋ᠢᠨ ᠵᠦᠷᠴᠢᠨ ᠠᠢᠮᠠᠭ ᠢ᠋ ᠨᠤᠷᠠᠭᠴᠢ ᠨᠢᠭᠡᠳᠬᠡᠭᠡᠳ1616 ᠣᠨ ᠳ᠋ᠤ᠌ ᠬᠠᠭᠠᠨ ᠰᠠᠭᠤᠵᠤ᠂ ᠤᠯᠤᠰ ᠤ᠋ᠨ ᠴᠣᠯᠠ ᠪᠠᠨ《ᠤᠮᠠᠷᠠᠲᠤ ᠠᠯᠲᠠᠨ ᠤᠯᠤᠰ》 ᠬᠡᠮᠡᠪᠡ᠃ ᠵᠦᠷᠴᠢᠨ ᠠᠢᠮᠠᠭ ᠤ᠋ᠳ ᠢ᠋ ᠳᠠᠭᠠᠭᠤᠯᠤᠨ ᠨᠢᠭᠡᠳᠬᠡᠭᠰᠡᠨ ᠨᠤᠷᠠᠭᠴᠢ ᠶ᠋ᠢᠨ ᠲᠡᠮᠡᠴᠡᠯ ᠨᠢ ᠮᠣᠩᠭᠣᠯ ᠪᠣᠯᠤᠨ ᠮᠢᠩ ᠤᠯᠤᠰ ᠤ᠋ᠨ ᠠᠩᠬᠠᠷᠤᠯ ᠢ᠋ ᠬᠡᠳᠦᠢᠨ ᠲᠠᠲᠠᠭᠰᠠᠨ ᠪᠠᠢᠪᠠ᠃
ᠲᠡᠷᠡ ᠬᠢᠷᠢ ᠳ᠋ᠦ᠍᠂ ᠤᠮᠠᠷᠠᠲᠤ ᠠᠯᠲᠠᠨ ᠤᠯᠤᠰ ᠤ᠋ᠨ ᠬᠦᠴᠦᠨ ᠪᠠ ᠨᠥᠯᠥᠭᠡ ᠨᠢ ᠮᠣᠩᠭᠣᠯ ᠤ᠋ᠨ ᠵᠠᠬ᠎ᠠ ᠬᠢᠵᠠᠭᠠᠷ ᠤ᠋ᠨ ᠠᠢᠮᠠᠭ ᠤ᠋ᠳ ᠳᠤ ᠳᠠᠷᠤᠯᠲᠠ ᠪᠣᠯᠤᠭᠰᠠᠨ ᠪᠠᠢᠨ᠎ᠠ᠃ ᠬᠣᠷᠴᠢᠨ᠂ ᠥᠪᠥᠷ ᠬᠠᠯᠬ᠎ᠠ ᠶ᠋ᠢᠨ ᠲᠠᠪᠤᠨ ᠣᠲᠣᠭ ᠪᠣᠯᠤᠨ ᠬᠠᠷᠠᠴᠢᠨ ᠵᠡᠷᠭᠡ ᠠᠢᠮᠠᠭ ᠤ᠋ᠳ ᠴᠠᠭᠠᠨ ᠬᠣᠲᠠᠨ ᠳ᠋ᠤ᠌ ᠲᠠᠰᠤᠷᠠᠯ ᠦᠭᠡᠢ ᠬᠥᠮᠦᠨ ᠢᠷᠡᠭᠦᠯᠵᠦ᠂ ᠰᠡᠷᠭᠡᠢᠯᠡᠬᠦ ᠴᠢᠨᠠᠷᠲᠠᠢ ᠠᠷᠭ᠎ᠠ ᠠᠪᠤᠪᠠᠰᠤ ᠰᠠᠢᠨ ᠭᠡᠮᠡᠨ ᠯᠢᠭᠳᠡᠨ ᠬᠠᠭᠠᠨ ᠳ᠋ᠤ᠌ ᠬᠦᠰᠡᠵᠦ ᠪᠠᠢᠪᠠ᠃1608 ᠣᠨ ᠳ᠋ᠤ᠌᠂ ᠨᠤᠷᠠᠭᠴᠢ ᠶ᠋ᠢᠨ ᠠᠬᠠᠮᠠᠳ ᠬᠥᠪᠡᠭᠦᠨ ᠴᠦᠶᠠᠩ ᠲᠠᠪᠤᠨ ᠮᠢᠩᠭᠠᠨ ᠴᠡᠷᠢᠭ ᠳᠠᠢᠴᠢᠯᠠᠨ᠂ ᠤᠯᠠ ᠠᠢᠮᠠᠭ ᠢ᠋ ᠳᠣᠪᠲᠣᠯᠬᠤ ᠭᠡᠵᠦ ᠪᠠᠢᠭᠰᠠᠨ᠃ ᠤᠯᠠ ᠠᠢᠮᠠᠭ ᠤ᠋ᠨ ᠬᠥᠮᠦᠰ ᠬᠣᠷᠴᠢᠨ ᠳ᠋ᠤ᠌ ᠬᠥᠮᠦᠨ ᠵᠠᠷᠤᠵᠤ ᠴᠡᠷᠢᠭ ᠦ᠋ᠨ ᠲᠤᠰᠠᠯᠠᠮᠵᠢ ᠭᠤᠶᠤᠪᠠ᠃ ᠭᠡᠲᠡᠯ᠎ᠡ ᠯᠢᠭᠳᠡᠨ ᠬᠠᠭᠠᠨ ᠤ᠋ ᠵᠠᠷᠯᠢᠭ ᠵᠠᠬᠢᠶ᠎ᠠ ᠦᠭᠡᠢ ᠪᠡᠷ ᠥᠪᠡᠷᠰᠡᠳ ᠢ᠋ᠶ᠋ᠡᠨ ᠳᠤᠷ᠎ᠠ ᠵᠣᠷᠢᠭ ᠢ᠋ᠶ᠋ᠠᠷ ᠴᠡᠷᠢᠭ ᠭᠠᠷᠭᠠᠵᠤ ᠪᠤᠰᠤᠳ ᠤ᠋ᠨ ᠲᠡᠢᠨ ᠳᠠᠵᠢᠨ ᠳ᠋ᠤ᠌ ᠣᠷᠣᠯᠴᠠᠵᠤ ᠪᠣᠯᠬᠤ ᠦᠭᠡᠢ ᠪᠢᠯᠡ᠃ ᠯᠢᠭᠳᠡᠨ ᠬᠠᠭᠠᠨ ᠤ᠋ ᠵᠥᠪᠰᠢᠶᠡᠷᠡᠯ ᠢ᠋ᠶ᠋ᠡᠷ ᠬᠣᠷᠴᠢᠨ ᠠᠢᠮᠠᠭ ᠤ᠋ᠨ ᠣᠩᠭᠤᠳᠠᠢ ᠪᠠᠭᠠᠲᠤᠷ ᠨᠣᠶᠠᠨ ᠪᠠ ᠬᠥᠪᠡᠭᠦᠨ ᠣᠣᠪᠠ ᠶᠡᠬᠡ ᠴᠡᠷᠢᠭ ᠳᠠᠢᠴᠢᠯᠠᠨ᠂ ᠤᠯᠠ ᠶ᠋ᠢᠨ ᠬᠢᠯᠢ ᠳ᠋ᠦ᠍ ᠣᠷᠣᠵᠤ᠂ ᠬᠣᠯᠪᠣᠭᠠᠲᠤ ᠴᠡᠷᠢᠭ ᠢ᠋ᠶ᠋ᠡᠷ ᠴᠦᠶᠠᠩ ᠤ᠋ᠨ ᠴᠡᠷᠢᠭ ᠢ᠋ ᠴᠣᠬᠢᠵᠤ ᠤᠬᠤᠷᠢᠭᠤᠯᠵᠠᠢ᠃ ᠳᠡᠮᠡᠢ ᠤᠳᠠᠯ ᠦᠭᠡᠢ ᠶᠡᠬᠡᠭᠡ ᠠᠢᠮᠠᠭ(ᠴᠠᠩᠲᠤ ᠪᠣᠯᠤᠨ ᠺᠠᠢ ᠶᠤᠸᠠᠨ ᠤ᠋ ᠳᠤᠮᠳᠠ ᠣᠷᠣᠰᠢᠬᠤ) ᠶ᠋ᠢᠨ ᠲᠠᠢᠱ᠌ᠢ ᠪᠠᠰᠠ ᠨᠤᠷᠠᠭᠴᠢ ᠶ᠋ᠢᠨ ᠳᠠᠷᠤᠯᠲᠠ ᠶ᠋ᠢ ᠣᠯᠵᠤ᠂ ᠠᠷᠭ᠎ᠠ ᠪᠤᠰᠤ ᠯᠢᠭᠳᠡᠨ ᠬᠠᠭᠠᠨ ᠠ᠋ᠴᠠ ᠴᠡᠷᠢᠭ ᠦ᠋ᠨ ᠲᠤᠰᠠᠯᠠᠮᠵᠢ ᠭᠤᠶᠤᠪᠠ᠃ ᠬᠣᠷᠴᠢᠨ ᠤ᠋ ᠣᠩᠭᠣᠳᠠᠢ ᠪᠠᠭᠠᠲᠤᠷ ᠪᠣᠯᠤᠨ ᠣᠣᠪᠠ ᠨᠠᠷ ᠯᠢᠭᠳᠡᠨ ᠬᠠᠭᠠᠨ ᠤ᠋ ᠵᠠᠷᠯᠢᠭ ᠢ᠋ᠶ᠋ᠠᠷ ᠴᠡᠷᠢᠭ ᠳᠠᠢᠴᠢᠯᠠᠨ ᠬᠦᠷᠴᠦ ᠨᠤᠷᠠᠭᠴᠢ ᠶ᠋ᠢᠨ ᠴᠡᠷᠢᠭ ᠳᠠᠢᠴᠢᠯᠠᠬᠤ ᠬᠢᠶ᠎ᠡ ᠪᠣᠶᠠᠩᠭᠤ ᠶ᠋ᠢ ᠠᠯᠠᠵᠠᠢ[15]᠃ ᠲᠩᠷᠢ ᠶ᠋ᠢᠨ ᠪᠣᠱᠣᠭᠲᠤ ᠶ᠋ᠢᠨ ᠦᠶ᠎ᠡ ᠳ᠋ᠦ᠍᠂ ᠬᠣᠷᠴᠢᠨ ᠤ᠋ ᠲᠠᠢᠵᠢ ᠨᠠᠷ ᠯᠢᠭᠳᠡᠨ ᠬᠠᠭᠠᠨ ᠤ᠋ ᠵᠠᠷᠯᠢᠭ ᠢ᠋ᠶ᠋ᠠᠷ ᠤᠮᠠᠷᠠᠲᠤ ᠠᠯᠲᠠᠨ ᠤᠯᠤᠰ ᠲᠠᠢ ᠬᠡᠳᠦᠨᠲᠡ ᠲᠤᠯᠤᠯᠳᠤᠵᠤ ᠥᠪᠡᠷ ᠦ᠋ᠨ ᠢ᠋ᠶ᠋ᠡᠨ ᠬᠢᠯᠢ ᠬᠢᠵᠠᠭᠠᠷ ᠢ᠋ ᠬᠠᠮᠠᠭᠠᠯᠠᠭᠰᠠᠨ ᠪᠠᠢᠵᠠᠢ᠃ ᠥᠪᠡᠷᠰᠡᠳ ᠦ᠋ᠨ ᠢ᠋ᠶ᠋ᠡᠨ ᠬᠦᠴᠦ ᠶ᠋ᠢ ᠵᠣᠷᠢᠭᠤᠳᠠ ᠭᠠᠢᠬᠠᠭᠤᠯᠬᠤ ᠭᠡᠮᠡᠨ ᠬᠣᠷᠴᠢᠨ ᠤ᠋ ᠮᠢᠩᠭᠠᠨ ᠨᠣᠶᠠᠨ ᠤ᠋ ᠭᠤᠷᠪᠠᠨ ᠬᠥᠪᠡᠭᠦᠨ ᠨᠢ ᠬᠠᠷᠢᠶᠠᠲᠤ ᠪᠠᠨ ᠳᠠᠢᠴᠢᠯᠠᠨ᠂ ᠤᠮᠠᠷᠠᠲᠤ ᠠᠯᠲᠠᠨ ᠤᠯᠤᠰ ᠤ᠋ᠨ ᠬᠢᠯᠢ ᠳ᠋ᠦ᠍ ᠲᠥᠷᠥᠨ ᠣᠷᠣᠭᠠᠳ ᠮᠠᠯ ᠠᠳᠤᠭᠤ ᠶ᠋ᠢ ᠨᠢ ᠤᠤᠯᠭᠠᠯᠠᠭᠠᠳ ᠪᠤᠴᠠᠪᠠ᠃
ᠤᠮᠠᠷᠠᠲᠤ ᠠᠯᠲᠠᠨ ᠤᠯᠤᠰ ᠢ᠋ ᠰᠦᠷᠳᠡᠭᠦᠯᠵᠦ ᠪᠠᠢᠬᠤ ᠵᠢᠩᠬᠢᠨᠢ ᠳᠠᠢᠰᠤᠨ ᠨᠢ ᠮᠣᠩᠭᠣᠯ ᠪᠢᠰᠢ᠂ ᠬᠠᠷᠢᠨ ᠮᠢᠩ ᠤᠯᠤᠰ ᠪᠣᠯᠬᠤ ᠶ᠋ᠢ ᠨᠤᠷᠠᠭᠴᠢ ᠬᠡᠳᠦᠢᠨ ᠲᠣᠳᠣᠷᠬᠠᠢ ᠮᠡᠳᠡᠵᠦ ᠪᠠᠢᠭᠰᠠᠨ ᠶᠤᠮ᠃ ᠮᠢᠩ ᠤᠯᠤᠰ ᠤ᠋ᠨ ᠯᠢᠶᠣᠣ ᠳ᠋ᠦᠩ ᠣᠷᠣᠨ ᠤ᠋ ᠴᠢᠬᠤᠯᠠ ᠬᠣᠲᠠ ᠪᠠᠯᠭᠠᠰᠤᠨ ᠢ᠋ ᠪᠠᠢᠯᠳᠤᠨ ᠠᠪᠴᠤ᠂ ᠯᠢᠶᠣᠣ ᠳ᠋ᠦᠩ ᠣᠷᠣᠨ ᠢ᠋ ᠡᠵᠡᠮᠰᠢᠬᠦ ᠪᠡᠷ ᠨᠤᠷᠠᠭᠴᠢ ᠵᠣᠷᠢᠭ ᠰᠢᠢᠳᠴᠡᠢ᠃ ᠲᠡᠭᠦᠨᠴᠡ ᠹᠦ ᠱᠦᠨ᠂ ᠺᠠᠢ ᠶᠤᠸᠠᠨ᠂ ᠲᠢᠶᠧ ᠯᠢᠩ᠂ ᠯᠢᠶᠣᠣ ᠶᠠᠩ ᠢ᠋ ᠳᠣᠪᠲᠣᠯᠤᠨ ᠴᠣᠬᠢᠬᠤ ᠲᠡᠢᠨ ᠦ᠌ ᠬᠥᠰᠢᠭᠡ ᠨᠡᠭᠡᠭᠡᠭᠳᠡᠵᠡᠢ᠃ ᠯᠢᠭᠳᠡᠨ ᠬᠠᠭᠠᠨ ᠪᠠᠰᠠ ᠡᠨᠡᠬᠦ ᠲᠠᠰᠢᠷᠠᠮ ᠢ᠋ᠶ᠋ᠠᠷ ᠴᠠᠬᠠᠷ᠂ ᠥᠪᠥᠷ ᠬᠠᠯᠬ᠎ᠠ ᠶ᠋ᠢᠨ ᠲᠠᠪᠤᠨ ᠣᠲᠣᠭ ᠢ᠋ ᠥᠪᠡᠷ ᠦ᠋ᠨ ᠪᠡᠶ᠎ᠡ ᠪᠡᠷ ᠳᠠᠢᠴᠢᠯᠠᠨ᠂1619 ᠣᠨ ᠤ᠋ ᠵᠢᠷᠭᠤᠳᠤᠭᠠᠷ ᠰᠠᠷ᠎ᠠ ᠳ᠋ᠤ᠌ ᠮᠢᠩ ᠤᠯᠤᠰ ᠤ᠋ᠨ ᠬᠢᠵᠠᠭᠠᠷ ᠲᠠᠬᠢ ᠭᠤᠸᠠᠩ ᠨᠢᠩ ᠬᠣᠲᠠ ᠶ᠋ᠢ ᠪᠠᠢᠯᠳᠤᠨ ᠠᠪᠤᠪᠠ[16]᠃ ᠲᠡᠷᠡ ᠬᠢᠷᠢ ᠳ᠋ᠦ᠍ ᠯᠢᠭᠳᠡᠨ ᠬᠠᠭᠠᠨ ᠨᠤᠷᠠᠭᠴᠢ ᠲᠠᠢ ᠴᠡᠷᠢᠭ ᠦ᠋ᠨ ᠬᠣᠯᠪᠣᠭ᠎ᠠ ᠪᠠᠢᠭᠤᠯᠬᠤ ᠠ᠋ᠴᠠ ᠮᠢᠩ ᠤᠯᠤᠰ ᠠᠶᠤᠵᠤ ᠪᠠᠢᠭᠰᠠᠨ᠃ ᠲᠡᠢᠮᠦ ᠡᠴᠡ ᠮᠢᠩ ᠤᠯᠤᠰ ᠠ᠋ᠴᠠ ᠴᠠᠭᠠᠨ ᠬᠣᠲᠠ ᠵᠦᠭ ᠲᠠᠰᠤᠷᠠᠯᠲᠠ ᠦᠭᠡᠢ ᠬᠥᠮᠦᠨ ᠢᠯᠡᠭᠡᠵᠦ᠂ ᠯᠢᠭᠳᠡᠨ ᠬᠠᠭᠠᠨ ᠢ᠋ ᠮᠢᠩ ᠤᠯᠤᠰ ᠲᠠᠢ ᠡᠪ ᠨᠠᠢᠷᠲᠠᠢ ᠶᠠᠪᠤᠯᠴᠠᠬᠤ ᠪᠣᠯᠪᠠ ᠤᠤ ᠭᠡᠮᠡᠨ ᠬᠦᠰᠡᠵᠦ ᠪᠠᠢᠪᠠ᠃ ᠲᠡᠭᠡᠬᠦ ᠳ᠋ᠦ᠍ ᠮᠢᠩ ᠤᠯᠤᠰ ᠲᠠᠢ ᠡᠪ ᠨᠠᠢᠷᠲᠠᠢ ᠬᠠᠷᠢᠴᠠᠭ᠎ᠠ ᠶ᠋ᠢ ᠪᠠᠷᠢᠮᠲᠠᠯᠠᠨ᠂ ᠠᠷᠠᠯᠵᠢᠶ᠎ᠠ ᠰᠣᠯᠢᠶ᠎ᠠ ᠬᠢᠵᠦ᠂ ᠮᠢᠩ ᠤᠯᠤᠰ ᠤ᠋ᠨ ᠬᠦᠴᠦᠨ ᠢ᠋ᠶ᠋ᠡᠷ ᠤᠮᠠᠷᠠᠲᠤ ᠠᠯᠲᠠᠨ ᠤᠯᠤᠰ ᠤ᠋ᠨ ᠬᠦᠴᠦ ᠶ᠋ᠢ ᠳᠣᠷᠣᠢᠲᠠᠭᠤᠯᠵᠤ ᠪᠣᠯᠤᠨ᠎ᠠ ᠭᠡᠵᠦ ᠯᠢᠭᠳᠡᠨ ᠬᠠᠭᠠᠨ ᠪᠣᠳᠣᠯᠬᠢᠯᠠᠵᠠᠢ᠃ ᠯᠢᠶᠣᠣ ᠳ᠋ᠦᠩ ᠣᠷᠣᠨ ᠢ᠋ ᠨᠤᠷᠠᠭᠴᠢ ᠳᠣᠪᠲᠣᠯᠵᠤ ᠪᠠᠢᠭᠰᠠᠨ ᠠᠩᠬᠠᠨ ᠤ᠋ ᠬᠡᠳᠦᠨ ᠵᠢᠯ ᠳ᠋ᠦ᠍᠂ ᠮᠢᠩ ᠤᠯᠤᠰ ᠤ᠋ᠨ ᠤᠮᠠᠷᠠᠲᠤ ᠬᠢᠯᠢ ᠨᠢ ᠠᠮᠤᠷ ᠲᠦᠪᠰᠢᠨ ᠬᠡᠪ ᠢ᠋ᠶ᠋ᠡᠷ ᠪᠠᠢᠭᠰᠠᠨ᠃ ᠮᠢᠩ ᠤᠯᠤᠰ ᠲᠠᠯᠠᠷᠬᠠᠯ ᠢ᠋ᠶ᠋ᠠᠨ ᠢᠯᠡᠳᠬᠡᠬᠦ ᠭᠡᠮᠡᠨ ᠯᠢᠭᠳᠡᠨ ᠬᠠᠭᠠᠨ ᠳ᠋ᠤ᠌ ᠵᠢᠯ ᠪᠦᠷᠢ ᠮᠢᠩᠭᠠᠨ ᠯᠠᠩ ᠴᠠᠭᠠᠨ ᠮᠥᠩᠭᠥ ᠬᠦᠷᠭᠡᠵᠦ ᠪᠠᠢᠵᠠᠢ᠃
1619 ᠣᠨ ᠤ᠋ ᠵᠤᠨ᠂ ᠤᠮᠠᠷᠠᠲᠤ ᠠᠯᠲᠠᠨ ᠤᠯᠤᠰ ᠤ᠋ᠨ ᠡᠵᠡᠨ ᠨᠤᠷᠠᠭᠴᠢ ᠪᠣᠯᠤᠨ ᠣᠯᠠᠨ ᠪᠡᠢᠯᠡ ᠨᠢ ᠯᠢᠶᠣᠣ ᠳ᠋ᠦᠩ ᠣᠷᠣᠨ ᠤ᠋《ᠰᠠᠷᠬᠤ》 ᠪᠠᠷ ᠭᠣᠣᠯ ᠪᠣᠯᠭᠠᠭᠰᠠᠨ ᠲᠡᠢᠨ ᠦ᠌ ᠶᠡᠷᠦᠩᠬᠡᠢ ᠢᠯᠠᠯᠲᠠ ᠶ᠋ᠢ ᠣᠯᠤᠭᠠᠳ ᠴᠡᠷᠢᠭ ᠦ᠋ᠨ ᠣᠮᠣᠭ ᠰᠦᠷ ᠨᠢ ᠶᠡᠬᠡᠯ᠎ᠡ ᠪᠠᠳᠠᠷᠠᠯ᠎ᠠ᠃ ᠳᠣᠯᠣᠳᠤᠭᠠᠷ ᠰᠠᠷ᠎ᠠ ᠳ᠋ᠤ᠌᠂ ᠨᠤᠷᠠᠭᠴᠢ ᠢᠯᠠᠯᠲᠠ ᠶ᠋ᠢᠨ ᠡᠷᠴᠢᠨ ᠳᠡᠭᠡᠷ᠎ᠡ ᠪᠡᠨ ᠲᠢᠶᠧ ᠯᠢᠩ ᠢ᠋ ᠴᠣᠬᠢᠬᠤ ᠪᠠᠷ ᠪᠠᠵᠠᠭᠠᠵᠤ ᠪᠠᠢᠪᠠ᠃ ᠲᠢᠶᠧ ᠯᠢᠩ ᠢ᠋ ᠬᠠᠮᠠᠭᠠᠯᠠᠨ ᠰᠠᠭᠤᠬᠤ ᠮᠢᠩ ᠤᠯᠤᠰ ᠤ᠋ᠨ ᠴᠡᠷᠢᠭ ᠦ᠋ᠨ ᠬᠦᠴᠦ ᠨᠢ ᠨᠢᠮᠭᠡᠨ ᠪᠣᠯᠬᠣᠷ᠂ ᠤᠮᠠᠷᠠᠲᠤ ᠠᠯᠲᠠᠨ ᠤᠯᠤᠰ ᠤ᠋ᠨ ᠴᠠᠬᠢᠷᠠᠭ ᠬᠦᠴᠦᠨ ᠳ᠋ᠦ᠍ ᠡᠰᠡᠷᠭᠦᠴᠡᠯ ᠪᠣᠯᠵᠤ ᠴᠢᠳᠠᠬᠤ ᠦᠭᠡᠢ ᠭᠡᠮᠡᠨ ᠵᠣᠪᠠᠵᠠᠢ᠃ ᠢᠩᠭᠢᠭᠡᠳ ᠴᠠᠭᠠᠨ ᠬᠣᠲᠠ ᠳ᠋ᠤ᠌ ᠬᠥᠮᠦᠨ ᠢᠯᠡᠭᠡᠵᠦ᠂ ᠯᠢᠭᠳᠡᠨ ᠬᠠᠭᠠᠨ ᠠ᠋ᠴᠠ ᠴᠡᠷᠢᠭ ᠦ᠋ᠨ ᠲᠤᠰᠠᠯᠠᠮᠵᠢ ᠭᠤᠶᠤᠵᠠᠢ᠃ ᠯᠢᠭᠳᠡᠨ ᠭᠤᠶᠤᠭᠰᠠᠨ ᠢ᠋ ᠵᠥᠪᠰᠢᠶᠡᠷᠡᠵᠦ ᠥᠪᠥᠷ ᠬᠠᠯᠬ᠎ᠠ ᠶ᠋ᠢᠨ ᠬᠣᠩᠭᠢᠷᠠᠳ ᠣᠲᠣᠭ ᠤ᠋ᠨ ᠵᠠᠢᠰᠠᠢ ᠨᠣᠶᠠᠨ᠂ ᠵᠠᠷᠤᠳ ᠣᠲᠣᠭ ᠤ᠋ᠨ ᠪᠠᠭ ᠳᠠᠷᠬᠠᠨ᠂ ᠰᠠᠪᠤᠨ ᠪᠣᠯᠤᠨ ᠬᠣᠷᠴᠢᠨ ᠤ᠋ ᠮᠢᠩᠭᠠᠨ ᠲᠠᠢᠵᠢ ᠶ᠋ᠢᠨ ᠬᠥᠪᠡᠭᠦᠨ ᠰᠠᠩᠬᠠᠷᠵᠠᠢ ᠨᠠᠷ ᠢ᠋ᠶ᠋ᠠᠷ ᠲᠦᠮᠡᠨ ᠴᠡᠷᠢᠭ ᠳᠠᠢᠴᠢᠯᠠᠭᠤᠯᠤᠨ᠂ ᠲᠢᠶᠧ ᠯᠢᠩ ᠦ᠋ᠨ ᠮᠢᠩ ᠤᠯᠤᠰ ᠤ᠋ᠨ ᠴᠡᠷᠢᠭ ᠢ᠋ ᠲᠤᠰᠠᠯᠠᠬᠤ ᠪᠠᠷ ᠢᠯᠡᠭᠡᠪᠡ᠃ ᠮᠣᠩᠭᠣᠯ ᠴᠡᠷᠢᠭ ᠦ᠋ᠳ ᠬᠣᠲᠠ ᠶ᠋ᠢᠨ ᠳᠣᠣᠷ᠎ᠠ ᠬᠦᠷᠬᠦ ᠦᠶ᠎ᠡ ᠳ᠋ᠦ᠍ ᠲᠢᠶᠧ ᠯᠢᠩ ᠬᠣᠲᠠ ᠨᠢᠭᠡᠨᠲᠡ ᠨᠤᠷᠠᠭᠴᠢ ᠳ᠋ᠤ᠌ ᠡᠵᠡᠯᠡᠭᠳᠡᠵᠡᠢ᠃ ᠲᠦᠮᠡ ᠢᠯᠡᠭᠦᠦ ᠲᠤᠰᠠᠯᠠᠬᠤ ᠴᠡᠷᠢᠭ ᠢᠷᠡᠭᠰᠡᠨ ᠢ᠋ ᠨᠤᠷᠠᠭᠴᠢ ᠮᠡᠳᠡᠭᠡᠳ᠂ ᠣᠯᠠᠨ ᠪᠡᠢᠯᠡ ᠨᠠᠷ ᠢ᠋ ᠳᠠᠢᠴᠢᠯᠠᠨ ᠪᠠᠢᠯᠳᠤᠬᠤ ᠪᠠᠷ ᠭᠠᠷᠪᠠ᠃ ᠵᠠᠢᠰᠠᠢ ᠨᠣᠶᠠᠨ ᠤ᠋ ᠳᠠᠢᠴᠢᠯᠠᠭᠰᠠᠨ ᠮᠣᠩᠭᠣᠯ ᠴᠡᠷᠢᠭ ᠦ᠋ᠳ ᠨᠢ ᠲᠣᠭ᠎ᠠ ᠪᠠᠷ ᠦᠯᠡᠮᠵᠢ᠂ ᠲᠤᠯᠤᠯᠳᠤᠬᠤ ᠢᠳᠡ ᠵᠣᠷᠢᠭ ᠨᠢ ᠪᠠᠳᠠᠷᠠᠵᠤ ᠪᠠᠢᠭ᠎ᠠ ᠤᠮᠠᠷᠠᠲᠤ ᠠᠯᠲᠠᠨ ᠤᠯᠤᠰ ᠤ᠋ᠨ ᠴᠡᠷᠢᠭ ᠦ᠋ᠨ ᠰᠢᠷᠦᠭᠦᠨ ᠳᠠᠭᠠᠷᠢᠯᠲᠠ ᠳ᠋ᠤ᠌ ᠢᠯᠠᠭᠳᠠᠨ ᠪᠤᠲᠠᠷᠠᠵᠤ ᠯᠢᠶᠣᠣ ᠾᠧ ᠵᠦᠭ ᠵᠠᠮ ᠪᠤᠯᠢᠶᠠᠨ ᠵᠢᠭᠤᠲᠠᠪᠠ᠃ ᠤᠮᠠᠷᠠᠲᠤ ᠠᠯᠲᠠᠨ ᠤᠯᠤᠰ ᠤ᠋ᠨ ᠴᠡᠷᠢᠭ ᠨᠢᠭᠡᠨ ᠵᠡᠷᠭᠡ ᠨᠡᠬᠡᠮᠵᠢᠯᠡᠨ ᠠᠯᠠᠵᠤ ᠵᠠᠢᠰᠠᠢ ᠨᠣᠶᠠᠨ᠂ ᠪᠠᠭ ᠳᠠᠷᠬᠠᠨ᠂ ᠰᠠᠪᠤᠨ᠂ ᠰᠠᠩᠬᠠᠷᠵᠠᠢ ᠲᠠᠢᠵᠢ ᠨᠠᠷ ᠢ᠋ ᠣᠯᠵᠠᠯᠠᠵᠠᠢ᠃1619 ᠣᠨ ᠤ᠋ ᠠᠷᠪᠠᠳᠤᠭᠠᠷ ᠰᠠᠷ᠎ᠠ ᠳ᠋ᠤ᠌᠂ ᠮᠣᠩᠭᠣᠯ ᠤ᠋ᠨ ᠡᠯᠴᠢ ᠬᠠᠩᠭᠠᠯ ᠪᠠᠢᠬᠤ ᠯᠢᠭᠳᠡᠨ ᠦ᠌ ᠪᠢᠴᠢᠭ ᠢ᠋ ᠪᠠᠷᠢᠵᠤ ᠨᠤᠷᠠᠭᠴᠢ ᠶ᠋ᠢᠨ ᠬᠣᠲᠠᠨ ᠳ᠋ᠤ᠌ ᠬᠦᠷᠪᠡ᠃ ᠯᠢᠭᠳᠡᠨ ᠦ᠌ ᠪᠢᠴᠢᠭ ᠲᠦ᠍ ᠥᠪᠡᠷ ᠦ᠋ᠨ ᠪᠡᠶ᠎ᠡ ᠪᠡᠨ《ᠳᠥᠴᠢᠨ ᠲᠦᠮᠡᠨ ᠮᠣᠩᠭᠣᠯ ᠤ᠋ᠨ ᠡᠵᠡᠨ》 ᠬᠡᠮᠡᠵᠦ ᠨᠤᠷᠠᠭᠴᠢ ᠶ᠋ᠢ《ᠤᠰᠤᠨ ᠤ᠋ ᠭᠤᠷᠪᠠᠨ ᠲᠦᠮᠡᠨ ᠮᠠᠨᠵᠤ ᠶ᠋ᠢᠨ ᠡᠵᠡᠨ》[17] ᠭᠡᠵᠦ ᠪᠠᠰᠤᠮᠵᠢᠯᠠᠭᠠᠳ᠂ ᠥᠪᠥᠷ ᠬᠠᠯᠬ᠎ᠠ ᠪᠣᠯᠤᠨ ᠬᠣᠷᠴᠢᠨ ᠤ᠋ ᠲᠠᠢᠵᠢ ᠨᠠᠷ ᠢ᠋ ᠶᠠᠮᠠᠷ ᠴᠤ᠌ ᠨᠥᠬᠥᠴᠡᠯ ᠦᠭᠡᠢ ᠪᠡᠷ ᠲᠠᠯᠪᠢᠵᠤ᠂ ᠲᠡᠭᠦᠨ ᠢ᠋ ᠡᠵᠡᠯᠡᠨ ᠠᠪᠤᠭᠰᠠᠨ ᠭᠤᠸᠠᠩ ᠨᠢᠩ ᠲᠡᠢ ᠬᠠᠯᠳᠠᠵᠤ ᠪᠣᠯᠬᠤ ᠦᠭᠡᠢ ᠭᠡᠵᠡᠢ᠃ ᠣᠯᠵᠠᠯᠠᠭᠳᠠᠭᠰᠠᠨ ᠵᠠᠷᠢᠮ ᠲᠠᠢᠵᠢ ᠶ᠋ᠢ ᠨᠣᠷᠬᠠᠴᠢ ᠲᠠᠯᠪᠢᠭᠰᠠᠨ ᠪᠣᠯᠪᠠᠴᠤ᠂ ᠬᠣᠩᠭᠢᠷᠠᠳ ᠤ᠋ᠨ ᠵᠠᠢᠰᠢ ᠨᠣᠶᠠᠨ ᠢ᠋ ᠡᠰᠡ ᠰᠤᠯᠠᠯᠠᠵᠤ᠂ ᠲᠦᠮᠡᠨ ᠲᠣᠯᠣᠭᠠᠢ ᠮᠠᠯ ᠢ᠋ᠶ᠋ᠠᠷ ᠵᠠᠢᠰᠢ ᠨᠣᠶᠠᠨ ᠢ᠋ ᠰᠣᠯᠢᠵᠤ ᠠᠪᠠᠴᠢᠲᠤᠭᠠᠢ ᠭᠡᠵᠦ ᠯᠢᠭᠳᠡᠨ ᠬᠠᠭᠠᠨ ᠳ᠋ᠤ᠌ ᠬᠠᠷᠢᠭᠤ ᠪᠢᠴᠢᠭ ᠢᠯᠡᠭᠡᠵᠡᠢ [18] ᠃ ᠨᠣᠷᠬᠠᠴᠢ ᠶ᠋ᠢᠨ ᠱᠠᠭᠠᠷᠳᠠᠯᠭ᠎ᠠ ᠶ᠋ᠢ ᠯᠢᠭᠳᠡᠨ ᠬᠠᠭᠠᠨ ᠲᠠᠲᠠᠭᠠᠯᠵᠠᠭᠰᠠᠨ ᠪᠣᠯᠪᠠᠴᠤ᠂ ᠵᠠᠢᠰᠢ ᠨᠣᠶᠠᠨ ᠢ᠋ ᠬᠡᠷᠬᠢᠨ ᠠᠪᠤᠷᠠᠬᠤ ᠠᠷᠭ᠎ᠠ ᠳᠠᠮ ᠪᠣᠳᠣᠯᠬᠢᠯᠠᠵᠤ ᠪᠠᠢᠵᠠᠢ᠃
1621 ᠣᠨ ᠤ᠋ ᠭᠤᠷᠪᠠᠳᠤᠭᠠᠷ ᠰᠠᠷ᠎ᠠ ᠳ᠋ᠤ᠌᠂ ᠨᠣᠷᠬᠠᠴᠢ ᠵᠢᠴᠢ ᠣᠯᠠᠨ ᠪᠡᠢᠯᠡ ᠨᠠᠷ ᠤ᠋ᠨ ᠳᠠᠢᠴᠢᠯᠠᠭᠰᠠᠨ ᠶᠡᠬᠡ ᠴᠡᠷᠢᠭ ᠮᠦᠭᠳᠡᠨ ᠬᠣᠲᠠ ᠶ᠋ᠢ ᠪᠦᠰᠡᠯᠡᠨ᠂ ᠰᠠᠬᠢᠬᠤ ᠴᠡᠷᠢᠭ ᠳᠣᠯᠣᠭᠠᠨ ᠲᠦᠮᠡ ᠶ᠋ᠢ ᠢᠯᠠᠵᠤ᠂ ᠲᠤᠰ ᠬᠣᠲᠠ ᠶ᠋ᠢ ᠡᠵᠡᠯᠡᠨ ᠠᠪᠴᠠᠢ᠃ ᠲᠡᠭᠦᠨᠴᠡ ᠨᠢᠭᠡᠨ ᠠᠩᠭᠢ ᠴᠡᠷᠢᠭ ᠢ᠋ᠶ᠋ᠡᠷ ᠮᠦᠭᠳᠡᠨ ᠬᠣᠲᠠ ᠶ᠋ᠢ ᠰᠠᠬᠢᠭᠤᠯᠵᠦ᠂ ᠶᠡᠬᠡ ᠴᠡᠷᠢᠭ ᠢᠯᠠᠯᠲᠠ ᠶ᠋ᠢᠨ ᠡᠷᠴᠢᠨ ᠳᠡᠭᠡᠷ᠎ᠡ᠂ ᠯᠢᠶᠣᠣ ᠶᠠᠩ ᠬᠣᠲᠠ ᠶ᠋ᠢ ᠪᠠᠢᠯᠳᠤᠨ ᠠᠪᠬᠤ ᠭᠡᠪᠡ᠃ ᠮᠦᠭᠳᠡᠨ ᠳ᠋ᠦ᠍ ᠴᠥᠭᠡᠨ ᠴᠡᠷᠢᠭ ᠦᠯᠡᠳᠡᠭᠰᠡᠨ ᠢ᠋ ᠯᠢᠭᠳᠡᠨ ᠬᠠᠭᠠᠨ ᠮᠡᠳᠡᠭᠡᠳ᠂ ᠵᠡᠭᠦᠨ ᠭᠤᠷᠪᠠᠨ ᠲᠦᠮᠡᠨ ᠢ᠋ ᠵᠠᠬᠢᠷᠬᠤ ᠶᠡᠬᠡ ᠰᠠᠢᠳ ᠂ ᠦᠵᠢᠶᠡᠳ ᠣᠲᠣᠭ ᠤ᠋ᠨ ᠰᠢᠷᠬᠤᠨᠠᠭ ᠬᠣᠩ ᠲᠠᠢᠵᠢ ᠪᠠᠷ ᠥᠪᠥᠷ ᠬᠠᠯᠬ᠎ᠠ ᠶ᠋ᠢᠨ ᠵᠣᠷᠢᠭᠲᠤ ᠨᠣᠶᠠᠨ᠂ ᠳᠠᠷᠬᠠᠨ ᠪᠠᠭᠠᠲᠤᠷ᠂ ᠪᠠᠭ ᠳᠠᠷᠬᠠᠨ ᠵᠡᠷᠭᠡ ᠬᠣᠶᠠᠷ ᠮᠢᠩᠭᠠᠨ ᠬᠥᠩᠭᠡᠨ ᠮᠣᠷᠢᠲᠤ ᠴᠡᠷᠢᠭ ᠢ᠋ ᠢᠯᠡᠭᠡᠵᠦ ᠬᠣᠷᠢᠭᠳᠠᠵᠤ ᠪᠠᠢᠭ᠎ᠠ ᠵᠠᠢᠰᠢ ᠨᠣᠶᠠᠨ ᠢ᠋ ᠠᠪᠤᠷᠠᠬᠤ ᠪᠠᠷ ᠣᠷᠣᠯᠳᠣᠵᠠᠢ᠃ ᠰᠢᠷᠬᠤᠨᠠᠭ ᠬᠣᠩ ᠲᠠᠢᠵᠢ ᠶ᠋ᠢᠨ ᠴᠡᠷᠢᠭ ᠮᠦᠭᠳᠡᠨ ᠬᠣᠲᠠᠨ ᠳ᠋ᠤ᠌ ᠬᠦᠷᠦᠭᠡᠳ ᠰᠠᠬᠢᠬᠤ ᠴᠡᠷᠢᠭ ᠲᠡᠢ ᠨᠢᠭᠡᠨ ᠵᠡᠷᠭᠡ ᠰᠢᠷᠦᠭᠦᠨ ᠲᠤᠯᠤᠯᠳᠤᠵᠤ [19] ᠂ ᠨᠤᠷᠬᠠᠴᠢ ᠶ᠋ᠢᠨ ᠲᠤᠰᠠᠯᠠᠬᠤ ᠴᠡᠷᠢᠭ ᠢᠷᠡᠬᠦ ᠮᠠᠭᠠᠳ ᠭᠡᠮᠡᠨ ᠪᠣᠯᠭᠣᠮᠵᠢᠯᠠᠨ ᠨᠤᠲᠤᠭ ᠵᠦᠭ ᠢ᠋ᠶ᠋ᠡᠨ ᠤᠬᠤᠷᠢᠨ ᠢᠷᠡᠵᠡᠢ᠃ 1621 ᠣᠨ ᠤ᠋ ᠨᠠᠢ᠍ᠮᠠᠳᠤᠭᠠᠷ ᠰᠠᠷ᠎ᠠ ᠳ᠋ᠤ᠌᠂ ᠥᠪᠥᠷ ᠬᠠᠯᠬ᠎ᠠ ᠶ᠋ᠢᠨ ᠲᠠᠪᠤᠨ ᠣᠲᠣᠭ ᠠ᠋ᠴᠠ ᠤᠮᠠᠷᠠᠲᠤ ᠠᠯᠲᠠᠨ ᠤᠯᠤᠰ ᠲᠤ᠌ ᠲᠦᠮᠡᠨ ᠲᠣᠯᠣᠭᠠᠢ ᠮᠠᠯ ᠬᠦᠷᠭᠡᠵᠦ ᠵᠠᠢᠰᠢ ᠨᠣᠶᠠᠨ ᠢ᠋ ᠰᠣᠯᠢᠵᠤ ᠠᠪᠴᠢᠷᠠᠵᠠᠢ᠃
