ᠡᠵᠢ ᠠᠮᠢ ᠲᠠᠢ ᠨᠤᠲᠤᠭ- ᠰᠡᠴᠡᠨ Eej amitai nutag-SetsenЭэж амьтай нутаг-Сэцэн
ᠡᠵᠢ ᠠᠮᠢ ᠲᠠᠢ ᠨᠤᠲᠤᠭ
ᠦᠭᠡ᠄ ᠪᠣᠷᠵᠢᠭᠢᠨ ᠠᠯᠲᠠᠨᠴᠡᠴᠡᠭ
ᠠᠶ᠎ᠠ᠄ ᠶ᠋ᠢ᠊· ᠪᠥᠬᠡ
ᠳᠠᠭᠤᠴᠢᠨ᠄ ᠰᠡᠴᠡᠨ
ᠬᠠᠯᠢᠭᠤᠷᠠᠨ ᠰᠢᠷᠭᠠᠯᠲᠤᠬᠤ ᠨᠤᠲᠤᠭ ᠮᠢᠨᠢ
ᠬᠠᠯᠠᠭᠤᠨ ᠵᠢᠷᠦᠬᠡᠨ ᠦ᠌ ᠮᠢᠨᠢ ᠤᠶᠠᠭ᠎ᠠ ᠴᠤ᠌ ᠶᠤᠮ ᠤᠤ ᠳᠠ
ᠬᠠᠨᠠᠭᠠᠷ ᠲᠠᠯ᠎ᠠ ᠴᠠᠢᠳᠠᠮ ᠨᠠᠭᠤᠷ ᠨᠢ
ᠬᠠᠢᠷ᠎ᠠ ᠰᠢᠩᠭᠡᠭᠰᠡᠨ ᠨᠤᠲᠤᠭ ᠶᠤᠮ ᠤᠤ ᠳᠠ
ᠪᠥᠮᠪᠥᠷᠢᠬᠦ ᠨᠢᠯᠪᠤᠰᠤᠨ ᠳ᠋ᠤ᠌ ᠪᠦᠷᠦᠯᠵᠡᠭᠡᠳ ᠪᠠᠢᠳᠠᠭ ᠨᠢ
ᠪᠤᠭᠤᠷᠤᠯ ᠡᠵᠢ ᠶ᠋ᠢᠨ ᠮᠢᠨᠢ ᠪᠠᠷ᠎ᠠ ᠴᠦ᠍ ᠶᠤᠮ ᠤᠤ ᠳᠠ
ᠪᠤᠳᠠᠩ ᠮᠠᠨᠠᠨ ᠳ᠋ᠤ᠌ ᠬᠥᠨᠳᠡᠭᠳᠡᠭᠡᠳ ᠪᠠᠢᠳᠠᠭ ᠨᠢ
ᠪᠣᠳᠣᠯ ᠰᠡᠳᠬᠢᠯ ᠦ᠋ᠨ ᠤᠶᠠᠷᠠᠯ ᠶᠤᠮ ᠤᠤ ᠳᠠ
ᠤᠶᠠᠷᠠᠨ ᠤᠶᠠᠷᠠᠨ ᠦᠭᠡᠢᠯᠡᠭᠳᠡᠭᠡᠳ ᠪᠠᠢᠳᠠᠭ ᠨᠢ
ᠤᠶᠠᠬᠠᠨ ᠴᠡᠩᠬᠡᠷ ᠲᠠᠯ᠎ᠠ ᠴᠤ᠌ ᠶᠤᠮ
ᠤᠢᠳᠬᠠᠷ ᠰᠡᠳᠬᠢᠯ ᠢ᠋ ᠮᠢᠨᠢ ᠠᠷᠭᠠᠳᠠᠭᠠᠳ ᠪᠠᠢᠳᠠᠭ ᠨᠢ
ᠤᠨᠠᠭᠠᠨ ᠨᠤᠲᠤᠭ ᠤ᠋ᠨ ᠮᠢᠨᠢ ᠦᠵᠡᠮᠵᠢ ᠶᠤᠮ ᠤᠤ
ᠳᠠ
ᠡᠵᠢ ᠠᠮᠢ ᠲᠠᠢ ᠨᠤᠲᠤᠭ ᠮᠢᠨᠢ
ᠡᠮᠵᠢᠭ ᠰᠡᠳᠬᠢᠯ ᠦ᠋ᠨ ᠬᠥᠨᠳᠡᠭᠦᠷ ᠴᠦ᠍ ᠶᠤᠮ ᠤᠤ ᠳᠠ
ᠡᠷᠬᠡ ᠬᠣᠩᠭᠣᠷ ᠪᠠᠭ᠎ᠠ ᠶ᠋ᠢᠨ ᠮᠢᠨᠢ ᠨᠠᠰᠤ
ᠡᠷᠲᠡᠯᠡᠨ ᠪᠤᠴᠠᠭᠰᠠᠨ ᠰᠢᠪᠠᠭᠤᠳ ᠴᠤ᠌ ᠶᠤᠮ ᠤᠤ ᠳᠠ
ᠤᠶᠠᠷᠠᠨ ᠤᠶᠠᠷᠠᠨ ᠦᠭᠡᠢᠯᠡᠭᠳᠡᠭᠡᠳ ᠪᠠᠢᠳᠠᠭ ᠨᠢ
ᠤᠶᠠᠬᠠᠨ ᠴᠡᠩᠬᠡᠷ ᠲᠠᠯ᠎ᠠ ᠴᠤ᠌ ᠶᠤᠮ ᠳᠠ
ᠤᠢᠳᠬᠠᠷ ᠰᠡᠳᠬᠢᠯ ᠢ᠋ ᠮᠢᠨᠢ ᠠᠷᠭᠠᠳᠠᠭᠠᠳ ᠪᠠᠢᠳᠠᠭ ᠨᠢ
ᠤᠨᠠᠭᠠᠨ ᠨᠤᠲᠤᠭ ᠤ᠋ᠨ ᠮᠢᠨᠢ ᠦᠵᠡᠮᠵᠢ ᠶᠤᠮ ᠤᠤ
ᠳᠠ
ᠤᠶᠠᠷᠠᠨ ᠤᠶᠠᠷᠠᠨ ᠦᠭᠡᠢᠯᠡᠭᠳᠡᠭᠡᠳ ᠪᠠᠢᠳᠠᠭ ᠨᠢ
ᠤᠶᠠᠬᠠᠨ ᠴᠡᠩᠬᠡᠷ ᠲᠠᠯ᠎ᠠ ᠴᠤ᠌ ᠶᠤᠮ ᠳᠠ
ᠤᠢᠳᠬᠠᠷ ᠰᠡᠳᠬᠢᠯ ᠢ᠋ ᠮᠢᠨᠢ ᠠᠷᠭᠠᠳᠠᠭᠠᠳ ᠪᠠᠢᠳᠠᠭ ᠨᠢ
ᠤᠨᠠᠭᠠᠨ ᠨᠤᠲᠤᠭ ᠤ᠋ᠨ ᠮᠢᠨᠢ ᠦᠵᠡᠮᠵᠢ ᠶᠤᠮ ᠤᠤ
ᠳᠠ
ᠤᠨᠠᠭᠠᠨ ᠨᠤᠲᠤᠭ ᠤ᠋ᠨ ᠮᠢᠨᠢ ᠦᠵᠡᠮᠵᠢ ᠶᠤᠮ ᠤᠤ
ᠳᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
