ᠢᠲᠡᠭᠡᠯᠲᠦ ᠬᠠᠮᠪᠤ ᠪᠯᠠᠮ᠎ᠠ ᠶᠢᠨ ᠰᠤᠷᠭᠠᠯ(2026.05) ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠪᠯᠠᠮ᠎ᠠ ᠶᠢᠨ ᠰᠤᠷᠭᠠᠯ(2026.05)

ᠢᠲᠡᠭᠡᠯᠲᠦ ᠬᠠᠮᠪᠤ ᠪᠯᠠᠮ᠎ᠠ ᠶᠢᠨ ᠰᠤᠷᠭᠠᠯ(2026.05)

2026-06-06

5

ᠢᠲᠡᠭᠡᠯᠲᠦ ᠬᠠᠮᠪᠤ ᠪᠯᠠᠮ᠎ᠠ ᠶᠢᠨ ᠰᠤᠷᠭᠠᠯ(2026.05)

ᠬᠠᠮᠪᠤ ᠪᠯᠠᠮ᠎ᠠ ᠳ᠋ᠠᠮᠪᠠ ᠠᠶᠤᠰᠢᠶᠸᠪ 
    ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ 
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ 
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ 
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ 
ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ 
2026.05.01
ᠮᠣᠷᠢ ᠵᠢᠯ ᠂ ᠯᠤᠤ ᠰᠠᠷ᠎ᠠ ᠶ᠋ᠢᠨ 15 ᠤ᠋ ᠬᠥᠬᠡᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠯᠠᠨ ᠱᠠᠵᠢᠨ ᠳ᠋ᠤ᠌ ᠰᠦᠨᠡᠰᠦ ᠮᠥᠩᠬᠡ ᠭᠡᠬᠦ ᠳ᠋ᠦ᠍ ᠪᠤᠳ᠋ᠳ᠋ᠾᠠ ᠶ᠋ᠢᠨ ᠱᠠᠵᠢᠨ ᠳ᠋ᠤ᠌ ᠪᠠᠷᠠᠭᠳᠠᠬᠤ ᠦᠭᠡᠢ ᠭᠡᠵᠦ ᠰᠣᠨᠣᠰᠤᠭᠳᠠᠭ᠎ᠠ᠃ ᠢᠲᠡᠭᠡᠯᠲᠦ ᠬᠠᠮᠪᠤ ᠪᠯᠠᠮ᠎ᠠ᠄ 《ᠱᠠᠵᠢᠨ ᠪᠦᠭᠦᠳᠡ ᠳ᠋ᠦ᠍ ᠥᠪᠡᠷ ᠥᠪᠡᠷ ᠦ᠋ᠨ ᠦᠨᠡᠨ ᠦᠵᠡᠭᠳᠡᠯ ᠲᠡᠢ》ᠭᠡᠮᠡᠨ ᠠᠢᠯᠠᠳᠤᠯ᠎ᠠ᠃
2026.05.02
ᠮᠣᠷᠢ ᠵᠢᠯ ᠂ ᠯᠤᠤ ᠰᠠᠷ᠎ᠠ ᠶ᠋ᠢᠨ 16 ᠤ᠋ ᠤᠯᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠶᠡᠬᠡ ᠠᠶᠤᠵᠤ ᠵᠣᠪᠠᠨᠠᠮ 》ᠭᠡᠨ᠎ᠡ ᠃ ᠢᠲᠡᠭᠡᠯᠲᠦ ᠪᠠᠭᠰᠢ ᠄ 《ᠠᠶᠤᠯ ᠶᠡᠬᠡ ᠲᠡᠢ ᠳᠡᠯᠡᠬᠡᠢ ᠳ᠋ᠦ᠍ ᠬᠢᠯᠢᠨᠴᠡ ᠰᠡᠳᠬᠢᠯ ᠡᠴᠡ ᠪᠦᠲᠦᠳᠡᠭ》ᠭᠡᠮᠡᠨ ᠠᠢᠯᠠᠳᠤᠯ᠎ᠠ᠃
2026.05.03
ᠮᠣᠷᠢ ᠵᠢᠯ ᠂ ᠯᠤᠤ ᠰᠠᠷ᠎ᠠ ᠶ᠋ᠢᠨ 17 ᠤ᠋ ᠤᠯᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠳᠦᠷᠰᠦ ᠭᠡᠪᠡᠯ ᠬᠣᠭᠣᠰᠣᠨ ᠴᠢᠨᠠᠷ ᠂ ᠬᠣᠭᠣᠰᠣᠨ ᠴᠢᠨᠠᠷ ᠪᠣᠯ ᠳᠦᠷᠰᠦ 》ᠭᠡᠨ᠎ᠡ ᠃ ᠢᠲᠡᠭᠡᠯᠲᠦ ᠪᠠᠭᠰᠢ ᠄《ᠳᠣᠲᠣᠭᠠᠳᠤ ᠶᠢᠷᠲᠢᠨᠴᠦ ᠳ᠋ᠦ᠍ ᠬᠣᠭᠣᠰᠣᠨ ᠴᠢᠨᠠᠷ ᠤ᠋ᠨ ᠪᠡᠯᠭᠡ ᠪᠢᠯᠢᠭ ᠣᠷᠣᠰᠢᠳᠠᠭ 》ᠭᠡᠮᠡᠨ ᠠᠢᠯᠠᠳᠤᠯ᠎ᠠ᠃
2026.05.04
ᠮᠣᠷᠢ ᠵᠢᠯ ᠂ ᠯᠤᠤ ᠰᠠᠷ᠎ᠠ ᠶ᠋ᠢᠨ 18 ᠤ᠋ ᠰᠢᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠭᠲᠠᠷᠭᠤᠢ ᠳ᠋ᠤ᠌ ᠴᠡᠩᠬᠡᠷ ᠨᠣᠭᠣᠭᠠᠨ ᠤᠭᠤᠷᠠᠭ ᠲᠣᠯᠣᠭᠠᠢ ᠦᠵᠡᠭᠳᠡᠭᠡᠳ ᠢᠲᠡᠭᠡᠯᠲᠦ ᠪᠠᠭᠰᠢ᠄《ᠳᠡᠭᠡᠳᠦ ᠤᠬᠠᠭᠠᠨ ᠤ᠋ ᠣᠶᠤᠨ ᠪᠢᠯᠢᠭ》ᠭᠡᠮᠡᠨ ᠠᠢᠯᠠᠳᠤᠯ᠎ᠠ᠃
2026.05.05
ᠮᠣᠷᠢ ᠵᠢᠯ ᠂ ᠯᠤᠤ ᠰᠠᠷ᠎ᠠ ᠶ᠋ᠢᠨ 19 ᠦ᠌ ᠰᠢᠷᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠨᠢᠭᠤᠴᠠ ᠲᠠᠷᠨᠢ ᠶ᠋ᠢᠨ ᠲᠤᠬᠠᠢ ᠠᠰᠠᠭᠤᠨ᠎ᠠ ᠃ᠢᠲᠡᠭᠡᠯᠲᠦ ᠪᠠᠭᠰᠢ ᠄ 《 ᠴᠠᠭ ᠤ᠋ᠨ ᠬᠦᠷᠳᠦ ᠡᠷᠭᠢᠭᠦᠯᠵᠦ ᠴᠢᠳᠠᠬᠤ ᠪᠣᠯ ᠶᠡᠬᠡ ᠠᠮᠤᠭᠤᠯᠠᠩ ᠤ᠋ᠨ ᠪᠡᠯᠭᠡ ᠪᠢᠯᠢᠭ ᠣᠯᠤᠨ᠎ᠠ 》ᠭᠡᠮᠡᠨ ᠠᠢᠯᠠᠳᠤᠯ᠎ᠠ᠃
2026.05.06
ᠮᠣᠷᠢ ᠵᠢᠯ ᠂ ᠯᠤᠤ ᠰᠠᠷ᠎ᠠ ᠶ᠋ᠢᠨ 20 ᠤ᠋ ᠴᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠳᠦᠷᠰᠦ ᠲᠡᠢ ᠣᠷᠣᠨ ᠶᠠᠪᠤᠬᠤ ᠪᠠᠷ ᠪᠡᠯᠡᠨ ᠪᠠᠢᠨ᠎ᠠ᠃ ᠢᠲᠡᠭᠡᠯᠲᠦ ᠪᠠᠭᠰᠢ ᠄ 《 ᠬᠣᠭᠣᠰᠣᠨ ᠴᠢᠨᠠᠷ ᠤ᠋ᠨ ᠠ ᠦᠵᠦᠭ ᠶᠠᠭᠤᠮᠠᠨ ᠪᠦᠭᠦᠳᠡ ᠶ᠋ᠢᠨ ᠡᠬᠡ 》 ᠭᠡᠮᠡᠨ ᠠᠢᠯᠠᠳᠤᠯ᠎ᠠ᠃
2026.05.07
ᠮᠣᠷᠢ ᠵᠢᠯ ᠂ ᠯᠤᠤ ᠰᠠᠷ᠎ᠠ ᠶ᠋ᠢᠨ 21 ᠦ᠌ ᠴᠠᠭᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠰᠤᠳᠤᠷ ᠰᠤᠳᠤᠯᠤᠭᠰᠠᠨ ᠬᠥᠮᠦᠨ ᠳ᠋ᠦ᠍ ᠢᠲᠡᠭᠡᠯᠲᠦ ᠪᠠᠭᠰᠢ ᠄《 ᠠᠷᠭ᠎ᠠ ᠪᠢᠯᠢᠭ ᠬᠣᠶᠠᠷ ᠢ᠋ ᠮᠠᠨᠲ᠋ᠷ᠎ᠠ ( ᠲᠠᠷᠨᠢ) ᠭᠡᠵᠦ ᠦᠵᠡᠳᠡᠭ 》ᠭᠡᠮᠡᠨ ᠠᠢᠯᠠᠳᠤᠯ᠎ᠠ᠃
2026.05.08
ᠮᠣᠷᠢ ᠵᠢᠯ ᠂ ᠯᠤᠤ ᠰᠠᠷ᠎ᠠ ᠶ᠋ᠢᠨ 21 ᠦ᠌ ᠬᠠᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《ᠭᠠᠳᠠᠭᠠᠳᠤ ᠶᠢᠷᠲᠢᠨᠴᠦ ᠶ᠋ᠢᠨ ᠣᠭᠲᠣ ᠦᠭᠡᠢ ᠶ᠋ᠢ ᠦᠵᠡᠬᠦ ᠬᠡᠷᠡᠭᠲᠡᠢ 》ᠭᠡᠨ᠎ᠡ ᠃ ᠢᠲᠡᠭᠡᠯᠲᠦ ᠪᠠᠭᠰᠢ ᠄《 ᠨᠢᠰᠸᠠᠨᠢᠰ ᠤ᠋ᠨ ᠡᠷᠬᠡ ᠪᠡᠷ ᠠᠶᠠᠨᠳᠠᠭᠠᠨ ᠡᠷᠭᠢᠵᠦ ᠪᠠᠢᠭᠰᠠᠨ ᠭᠠᠳᠠᠭᠠᠳᠤ ᠶᠢᠷᠲᠢᠨᠴᠦ 》 ᠭᠡᠮᠡᠨ ᠠᠢᠯᠠᠳᠤᠯ᠎ᠠ᠃
2026.05.09
ᠮᠣᠷᠢ ᠵᠢᠯ ᠂ ᠯᠤᠤ ᠰᠠᠷ᠎ᠠ ᠶ᠋ᠢᠨ 22  ᠊ᠤᠨ ᠬᠠᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠠᠮᠤᠭᠤᠯᠠᠩ ᠪᠠᠢᠳᠠᠯ ᠤ᠋ᠨ ᠲᠥᠯᠥᠭᠡ ᠰᠠᠩ ᠲᠠᠯᠪᠢᠵᠤ ᠪᠠᠢᠨ᠎ᠠ ᠃ ᠢᠲᠡᠭᠡᠯᠲᠦ ᠪᠠᠭᠰᠢ ᠄《 ᠪᠤᠷᠬᠠᠨ ᠪᠠᠭᠰᠢ ᠶ᠋ᠢ ᠳᠠᠬᠢᠵᠤ ᠪᠠᠢᠭᠠᠳ ᠠᠮᠢᠲᠠᠨ ᠢ᠋ ᠮᠠᠭᠤᠯᠠᠭᠠᠳ ᠬᠣᠣᠷ ᠬᠦᠷᠭᠡᠵᠦ ᠪᠣᠯᠬᠤ ᠦᠭᠡᠢ 》ᠭᠡᠮᠡᠨ ᠠᠢᠯᠠᠳᠤᠯ᠎ᠠ᠃
2026.05.10
ᠮᠣᠷᠢ ᠵᠢᠯ ᠂ ᠯᠤᠤ ᠰᠠᠷ᠎ᠠ ᠶ᠋ᠢᠨ 23 ᠤ᠋ ᠬᠥᠬᠡ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠪᠯᠠᠮ᠎ᠠ ᠣᠭᠲᠠᠷᠭᠤᠢ ᠶ᠋ᠢᠨ ᠪᠠᠢᠳᠠᠯ ᠳ᠋ᠤ᠌ ᠣᠷᠣᠰᠢᠭᠰᠠᠨ ᠪᠠᠢᠨ᠎ᠠ᠃ ᠢᠲᠡᠭᠡᠯᠲᠦ ᠪᠠᠭᠰᠢ ᠄《 ᠪᠦᠭᠦᠳᠡ ᠶ᠋ᠢ ᠮᠡᠳᠡᠭᠴᠢ ᠪᠡᠯᠭᠡ ᠪᠢᠯᠢᠭ ᠢ᠋ ᠳᠡᠯᠭᠡᠷᠡᠭᠦᠯᠬᠦ ᠢᠷᠦᠭᠡᠯ ᠲᠡᠢ 》ᠭᠡᠮᠡᠨ ᠠᠢᠯᠠᠳᠤᠯ᠎ᠠ᠃
2026.05.11
ᠮᠣᠷᠢ ᠵᠢᠯ ᠂ ᠯᠤᠤ ᠰᠠᠷ᠎ᠠ ᠶ᠋ᠢᠨ 24 ᠦ᠌ ᠬᠥᠬᠡᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠪᠦᠭᠦᠳᠡ ᠶᠠᠭᠤᠮᠠᠨ ᠨᠡᠷ᠎ᠡ ᠲᠡᠳᠦᠢ ᠳ᠋ᠦ᠍ ᠦᠨᠡᠨ 》ᠭᠡᠨ᠎ᠡ ᠃ ᠢᠲᠡᠭᠡᠯᠲᠦ ᠪᠠᠭᠰᠢ ᠄《ᠳᠡᠯᠡᠬᠡᠢ ᠶ᠋ᠢᠨ ᠵᠢᠮ᠎ᠡ ᠶᠣᠰᠣ ᠪᠠᠷ ᠤᠷᠤᠰᠬᠤᠢ ᠶ᠋ᠢᠨ ᠦᠨᠡᠨ 》ᠭᠡᠮᠡᠨ ᠠᠢᠯᠠᠳᠤᠯ᠎ᠠ᠃
2026.05.12
ᠮᠣᠷᠢ ᠵᠢᠯ ᠂ ᠯᠤᠤ ᠰᠠᠷ᠎ᠠ ᠶ᠋ᠢᠨ 25 ᠤ᠋ ᠤᠯᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠶᠡᠬᠡ ᠭᠦᠯᠭᠡᠨ ᠦ᠌ ᠲᠤᠰᠠ ᠡᠷᠳᠡᠮ ᠲᠠᠢᠯᠪᠤᠷᠢᠯᠠᠨ᠎ᠠ᠃ ᠢᠲᠡᠭᠡᠯᠲᠦ ᠪᠠᠭᠰᠢ ᠄《 ᠠᠷᠭ᠎ᠠ ᠪᠢᠯᠢᠭ ᠲᠡᠢ ᠮᠡᠷᠭᠡᠳ ᠪᠠᠢᠭᠰᠠᠨ ᠪᠦᠭᠦᠳᠡ ᠶ᠋ᠢ ᠪᠤᠶᠠᠨ ᠳ᠋ᠤ᠌ ᠬᠤᠪᠢᠷᠠᠭᠤᠯᠳᠠᠭ 》ᠭᠡᠮᠡᠨ ᠠᠢᠯᠠᠳᠤᠯ᠎ᠠ᠃
2026.05.13
ᠮᠣᠷᠢ ᠵᠢᠯ ᠂ ᠯᠤᠤ ᠰᠠᠷ᠎ᠠ ᠶ᠋ᠢᠨ 26 ᠤ᠋ ᠤᠯᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠮᠤᠩᠬᠠᠭ ᠤ᠋ᠨ ᠬᠠᠷᠠᠩᠭᠤᠢ ᠶ᠋ᠢ ᠠᠷᠢᠯᠭᠠᠬᠤ ᠵᠣᠷᠢᠭ ᠲᠠᠢ ᠬᠥᠮᠦᠨ ᠳ᠋ᠦ᠍ ᠢᠲᠡᠭᠡᠯᠲᠦ ᠪᠠᠭᠰᠢ ᠄《ᠬᠠᠷ᠎ᠠ ᠬᠣᠣᠷ ᠤ᠋ᠨ ᠭᠣᠣᠯ ᠳᠠᠰᠤᠯ 》ᠭᠡᠮᠡᠨ ᠠᠢᠯᠠᠳᠤᠯ᠎ᠠ᠃
2026.05.14
ᠮᠣᠷᠢ ᠵᠢᠯ ᠂ ᠯᠤᠤ ᠰᠠᠷ᠎ᠠ ᠶ᠋ᠢᠨ 27 ᠤ᠋ ᠰᠢᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠦᠵᠡᠭᠳᠡᠯ ᠪᠦᠭᠦᠳᠡ ᠶ᠋ᠢ ᠦᠨᠡᠨ ᠭᠡᠪᠡᠯ ᠵᠣᠪᠠᠯᠠᠩ ᠳ᠋ᠤ᠌ ᠠᠪᠲᠠᠨ᠎ᠠ 》 ᠭᠡᠨ᠎ᠡ ᠃ ᠢᠲᠡᠭᠡᠯᠲᠦ ᠪᠠᠭᠰᠢ ᠄ 《 ᠪᠢ ᠭᠡᠰᠡᠨ ᠦᠭᠡᠢ ᠭᠡᠪᠡᠯ ᠰᠠᠭᠠᠳ ᠲᠣᠳᠬᠠᠷ ᠪᠦᠭᠦᠳᠡ ᠠᠷᠢᠯᠤᠨ᠎ᠠ 》ᠭᠡᠮᠡᠨ ᠠᠢᠯᠠᠳᠤᠯ᠎ᠠ᠃
2026.05.15
ᠮᠣᠷᠢ ᠵᠢᠯ ᠂ ᠯᠤᠤ ᠰᠠᠷ᠎ᠠ ᠶ᠋ᠢᠨ 28 ᠤ᠋ ᠰᠢᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄ 《 ᠶᠢᠷᠲᠢᠨᠴᠦ ᠶ᠋ᠢᠨ ᠡᠷᠬᠡᠨ ᠳ᠋ᠦ᠍ ᠠᠪᠲᠠᠭᠰᠠᠨ ᠬᠥᠮᠦᠨ ᠪᠤᠷᠬᠠᠨ ᠤ᠋ ᠱᠠᠵᠢᠨ ᠳ᠋ᠤ᠌ ᠢᠲᠡᠭᠡᠯ ᠦᠭᠡᠢ 》ᠭᠡᠨ᠎ᠡ ᠃ ᠢᠲᠡᠭᠡᠯᠲᠦ ᠪᠠᠭᠰᠢ ᠄《 ᠪᠣᠳᠣᠯ ᠦᠵᠡᠭᠳᠡᠯ ᠪᠦᠭᠦᠳᠡ ᠥᠪᠡᠷ ᠦ᠋ᠨ ᠰᠢᠯᠲᠠᠭᠠᠨ ᠲᠠᠢ 》ᠭᠡᠮᠡᠨ ᠠᠢᠯᠠᠳᠤᠯ᠎ᠠ᠃
2026.05.16
ᠮᠣᠷᠢ ᠵᠢᠯ ᠂ ᠯᠤᠤ ᠰᠠᠷ᠎ᠠ ᠶ᠋ᠢᠨ 30 ᠤ᠋ ᠴᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄ 《ᠦᠢᠯᠡ ᠶ᠋ᠢᠨ ᠦᠷ᠎ᠡ ᠪᠡᠷ ᠬᠤᠪᠢ ᠵᠠᠶᠠᠭ᠎ᠠ ᠪᠠᠨ ᠣᠯᠳᠠᠭ 》 ᠭᠡᠨ᠎ᠡ ᠃ ᠢᠲᠡᠭᠡᠯᠲᠦ ᠪᠠᠭᠰᠢ ᠄《 ᠨᠢᠳᠦ ᠪᠠᠯᠠᠢ ᠵᠣᠷᠭ᠎ᠠ ᠪᠠᠷ ᠢ᠋ᠶ᠋ᠠᠨ ᠮᠤᠩᠬᠠᠭᠯᠠᠵᠤ ᠶᠠᠪᠤᠬᠤ ᠪᠣᠯ ᠥᠪᠡᠷ ᠦ᠋ᠨ ᠵᠠᠶᠠᠭ᠎ᠠ ᠪᠠᠯᠠᠷᠠᠬᠤ》ᠭᠡᠮᠡᠨ ᠠᠢᠯᠠᠳᠤᠯ᠎ᠠ᠃
2026.05.17
ᠮᠣᠷᠢ ᠵᠢᠯ ᠂ ᠮᠣᠭᠠᠢ ᠰᠠᠷ᠎ᠠ ᠶ᠋ᠢᠨ 1 ᠦ᠌ ᠴᠠᠭᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠬᠦᠰᠡᠯ ᠦ᠋ᠨ ᠡᠷᠬᠡ ᠪᠡᠷ ᠭᠠᠷᠳᠠᠭ ᠵᠢᠮ᠎ᠡ ᠶᠣᠰᠣ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ ᠄《ᠦᠨᠡᠨ ᠷᠠᠰᠢᠶᠠᠨ ᠬᠦᠷᠲᠡᠭᠡᠳ ᠠᠭᠯᠠᠭ ᠣᠷᠣᠨ ᠳ᠋ᠤ᠌ ᠰᠠᠭᠤᠬᠤ ᠨᠢ ᠵᠢᠷᠭᠠᠯ ᠲᠠᠢ 》ᠭᠡᠮᠡᠨ ᠠᠢᠯᠠᠳᠤᠯ᠎ᠠ᠃
2026.05.18
ᠮᠣᠷᠢ ᠵᠢᠯ ᠂ ᠮᠣᠭᠠᠢ ᠰᠠᠷ᠎ᠠ ᠶ᠋ᠢᠨ 2  ᠊ᠤᠨ ᠬᠠᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠠᠮᠤᠭᠤᠯᠠᠩ ᠪᠠᠢᠳᠠᠯ ᠳᠤᠷᠠᠳᠤᠭᠠᠳ ᠯᠠ ᠪᠠᠢᠨ᠎ᠠ᠃ ᠢᠲᠡᠭᠡᠯᠲᠦ ᠪᠠᠭᠰᠢ ᠄《ᠰᠠᠢᠲᠤᠷ ᠪᠤᠶᠠᠨ ᠬᠤᠷᠢᠶᠠᠬᠤ ᠪᠣᠯ ᠬᠡᠯᠡ ᠠᠮᠠ ᠳᠠᠢᠰᠤᠨ ᠲᠣᠳᠬᠠᠷ ᠪᠣᠯᠤᠨ ᠲᠡᠮᠡᠴᠡᠯ ᠦᠭᠡᠢ ᠠᠷᠢᠯᠤᠨ᠎ᠠ 》ᠭᠡᠮᠡᠨ ᠠᠢᠯᠠᠳᠤᠯ᠎ᠠ᠃
2026.05.19
ᠮᠣᠷᠢ ᠵᠢᠯ ᠂ ᠮᠣᠭᠠᠢ ᠰᠠᠷ᠎ᠠ ᠶ᠋ᠢᠨ 3 ᠤ᠋ ᠬᠠᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠵᠣᠪᠠᠯᠠᠩᠲᠤ ᠶᠢᠷᠲᠢᠨᠴᠦ ᠶ᠋ᠢᠨ ᠠᠵᠤ ᠠᠮᠢᠳᠤᠷᠠᠯ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ ᠄《ᠮᠠᠭᠤ ᠶᠠᠪᠤᠳᠠᠯ ᠤ᠋ᠨ ᠦᠢᠮᠡᠭᠡᠨ ᠳ᠋ᠦ᠍ ᠠᠪᠲᠠᠭᠰᠠᠨ ᠬᠥᠮᠦᠨ ᠦ᠌ ᠦᠢᠯᠡ ᠶᠠᠪᠤᠳᠠᠯ ᠴᠢᠳᠠᠯ ᠪᠠᠭ᠎ᠠ ᠲᠠᠢ 》ᠭᠡᠮᠡᠨ ᠠᠢᠯᠠᠳᠤᠯ᠎ᠠ᠃
2026.05.20
ᠮᠣᠷᠢ ᠵᠢᠯ ᠂ ᠮᠣᠭᠠᠢ ᠰᠠᠷ᠎ᠠ ᠶ᠋ᠢᠨ 4 ᠦ᠌ ᠬᠥᠬᠡ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠲᠣᠰᠤᠭᠠᠳ[тусаад]ᠢᠷᠡᠭᠰᠡᠨ ᠦᠢᠯᠡ ᠰᠠᠢᠲᠤᠷ ᠪᠦᠲᠦᠭᠡ 》ᠭᠡᠨ᠎ᠡ ᠃ ᠢᠲᠡᠭᠡᠯᠲᠦ ᠪᠠᠭᠰᠢ ᠄《ᠰᠠᠢᠨ ᠦᠢᠯᠡ ᠳ᠋ᠦ᠍ ᠵᠢᠷᠦᠬᠡ ᠰᠡᠳᠬᠢᠯ ᠢ᠋ᠶ᠋ᠡᠨ ᠵᠣᠷᠢᠭᠤᠯ 》ᠭᠡᠮᠡᠨ ᠠᠢᠯᠠᠳᠤᠯ᠎ᠠ᠃
2026.05.21
ᠮᠣᠷᠢ ᠵᠢᠯ ᠂ ᠮᠣᠭᠠᠢ ᠰᠠᠷ᠎ᠠ ᠶ᠋ᠢᠨ 5 ᠤ᠋ ᠬᠥᠬᠡᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠤᠬᠠᠭᠠᠨ ᠰᠡᠳᠬᠢᠯ ᠢ᠋ᠶ᠋ᠡᠨ ᠠᠵᠢᠭᠯᠠᠵᠤ ᠰᠢᠨᠵᠢᠯᠡᠭᠳᠢ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ ᠄《ᠪᠢ ᠦᠭᠡᠢ ᠭᠡᠳ ᠰᠡᠳᠬᠢᠯ ᠳᠣᠲᠣᠷ᠎ᠠ ᠪᠠᠨ ᠪᠠᠷᠢᠵᠤ ᠪᠠᠢ 》ᠭᠡᠮᠡᠨ ᠠᠢᠯᠠᠳᠤᠯ᠎ᠠ᠃
2026.05.22
ᠮᠣᠷᠢ ᠵᠢᠯ ᠂ ᠮᠣᠭᠠᠢ ᠰᠠᠷ᠎ᠠ ᠶ᠋ᠢᠨ 6 ᠤ᠋ ᠤᠯᠠᠭᠠᠨ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠬᠤᠪᠢᠷᠠᠳᠠᠭ ᠦᠭᠡᠢ ᠮᠥᠨ ᠴᠢᠨᠠᠷ ᠪᠠᠢᠳᠠᠭ ᠦᠭᠡᠢ 》 ᠭᠡᠨ᠎ᠡ ᠃ ᠢᠲᠡᠭᠡᠯᠲᠦ ᠪᠠᠭᠰᠢ ᠄《 ᠭᠦᠨ ᠤᠬᠠᠭᠠᠨ ᠮᠡᠳᠡᠭᠰᠡᠨ ᠬᠥᠮᠦᠨ ᠳ᠋ᠦ᠍ ᠶᠠᠭᠤᠮᠠᠨ ᠤ᠋ ᠦᠵᠡᠭᠳᠡᠯ ᠬᠣᠭᠣᠰᠣᠨ ᠪᠣᠯᠤᠨ᠎ᠠ 》ᠭᠡᠮᠡᠨ ᠠᠢᠯᠠᠳᠤᠯ᠎ᠠ᠃
2026.05.23
ᠮᠣᠷᠢ ᠵᠢᠯ ᠂ ᠮᠣᠭᠠᠢ ᠰᠠᠷ᠎ᠠ ᠶ᠋ᠢᠨ 7 ᠤ᠋ ᠤᠯᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠨᠢᠭᠡ ᠬᠠᠲᠠᠭᠤ ᠰᠠᠭᠤᠳᠠᠯ ᠳ᠋ᠤ᠌ ᠰᠠᠭᠤᠭᠠᠳ ᠨᠢᠷᠤᠭᠤ ᠡᠪᠡᠳᠦᠨ᠎ᠡ 》ᠭᠡᠨ᠎ᠡ ᠃ ᠢᠲᠡᠭᠡᠯᠲᠦ ᠪᠠᠭᠰᠢ ᠄《 ᠪᠡᠶ᠎ᠡ ᠠᠯᠳᠠᠭᠳᠠᠵᠤ ᠪᠠᠢᠨ᠎ᠠ ᠭᠡᠬᠦ ᠳ᠋ᠦ᠍ ᠰᠡᠳᠬᠢᠯ ᠭᠡᠮᠰᠢᠨ᠎ᠡ 》ᠭᠡᠮᠡᠨ ᠠᠢᠯᠠᠳᠤᠯ᠎ᠠ᠃
2026.05.24
ᠮᠣᠷᠢ ᠵᠢᠯ ᠂ ᠮᠣᠭᠠᠢ ᠰᠠᠷ᠎ᠠ ᠶ᠋ᠢᠨ 8 ᠤ᠋ ᠰᠢᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠬᠠᠲᠠᠭᠤ ᠣᠷᠴᠢᠯᠠᠩ ᠳ᠋ᠤ᠌ ᠲᠡᠭᠰᠢ ᠶᠠᠪᠤᠬᠤ ᠪᠣᠯ ᠭᠠᠪᠢᠶ᠎ᠠ 》 ᠭᠡᠨ᠎ᠡ ᠃ ᠢᠲᠡᠭᠡᠯᠲᠦ ᠪᠠᠭᠰᠢ ᠄《ᠠᠮᠢᠲᠠᠨ ᠪᠦᠭᠦᠳᠡ ᠬᠣᠭᠣᠷᠣᠨᠳᠣ ᠪᠠᠨ ᠬᠣᠯᠪᠣᠭᠳᠠᠵᠤ ᠬᠠᠮᠢᠶᠠᠲᠠᠨ ᠤᠴᠢᠷ ᠠ᠋ᠴᠠ ᠡᠨᠡ ᠣᠷᠴᠢᠯᠠᠩ ᠳ᠋ᠤ᠌ ᠬᠠᠮᠤᠭ ᠠᠮᠢᠲᠠᠨ ᠨᠡᠢᠲᠡ ᠳ᠋ᠦ᠍ ᠪᠡᠨ ᠨᠢᠭᠡᠯᠡ ᠭᠠᠭᠴᠠ ᠰᠡᠳᠬᠢᠯ ᠲᠡᠢ 》ᠭᠡᠮᠡᠨ ᠠᠢᠯᠠᠳᠤᠯ᠎ᠠ᠃
2026.05.25
ᠮᠣᠷᠢ ᠵᠢᠯ ᠂ ᠮᠣᠭᠠᠢ ᠰᠠᠷ᠎ᠠ ᠶ᠋ᠢᠨ 9 ᠦ᠌ ᠰᠢᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠨᠡᠷᠢᠬᠦᠢ ᠶᠡᠬᠡ ᠬᠠᠢᠷᠠᠲᠠᠢ ᠡᠬᠡ ᠶ᠋ᠢᠨ ᠵᠢᠷᠦᠬᠡ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ ᠄《ᠰᠤᠳᠤᠷ ᠤ᠋ᠨ ᠵᠢᠷᠦᠬᠡᠨ ᠦ᠌ ᠰᠢᠮ᠎ᠡ ᠲᠠᠨᠢᠬᠤ ᠪᠣᠯ ᠰᠡᠳᠬᠢᠯ ᠦ᠋ᠨ ᠨᠢᠭᠤᠴᠠ ᠲᠠᠢᠯᠤᠭᠳᠠᠬᠤ 》ᠭᠡᠮᠡᠨ ᠠᠢᠯᠠᠳᠤᠯ᠎ᠠ᠃
2026.05.26
ᠮᠣᠷᠢ ᠵᠢᠯ ᠂ ᠮᠣᠭᠠᠢ ᠰᠠᠷ᠎ᠠ ᠶ᠋ᠢᠨ 10 ᠤ᠋ ᠴᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠬᠢᠯᠢᠨᠴᠡ ᠲᠦᠢᠳᠬᠡᠷ ᠢ᠋ ᠠᠷᠢᠯᠭᠠᠨ᠎ᠠ ᠃ ᠢᠲᠡᠭᠡᠯᠲᠦ ᠪᠠᠭᠰᠢ ᠄ 《ᠪᠠᠳᠠᠷᠠᠭᠰᠠᠨ ᠰᠡᠳᠬᠢᠯ ᠦ᠋ᠨ ᠭᠠᠯ ᠳ᠋ᠤ᠌ ᠮᠤᠩᠬᠠᠭ ᠤ᠋ᠨ ᠬᠠᠷᠠᠩᠭᠤᠢ ᠶ᠋ᠢ ᠰᠢᠲᠠᠭᠠᠨ᠎ᠠ 》ᠭᠡᠮᠡᠨ ᠠᠢᠯᠠᠳᠤᠯ᠎ᠠ᠃
2026.05.27
ᠮᠣᠷᠢ ᠵᠢᠯ ᠂ ᠮᠣᠭᠠᠢ ᠰᠠᠷ᠎ᠠ ᠶ᠋ᠢᠨ 11 ᠦ᠌ ᠴᠠᠭᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠠᠮᠢᠲᠠᠨ ᠪᠦᠭᠦᠳᠡ ᠪᠡᠶ᠎ᠡ ᠪᠡᠶ᠎ᠡ ᠳ᠋ᠡᠭᠡᠨ ᠬᠠᠷᠰᠢ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ ᠄《 ᠦᠨᠡᠬᠡᠷ ᠪᠢ ᠭᠡᠰᠡᠨ ᠦᠭᠡᠢ ᠭᠡᠪᠡᠯ ᠦᠢᠯᠡ ᠶ᠋ᠢᠨ ᠶᠣᠰᠣ ᠲᠠᠢ ᠤᠳᠬ᠎ᠠ ᠦᠭᠡᠢ 》ᠭᠡᠮᠡᠨ ᠠᠢᠯᠠᠳᠤᠯ᠎ᠠ᠃
2026.05.28
ᠮᠣᠷᠢ ᠵᠢᠯ ᠂ ᠮᠣᠭᠠᠢ ᠰᠠᠷ᠎ᠠ ᠶ᠋ᠢᠨ 12  ᠊ᠤᠨ ᠬᠠᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄《 ᠤᠷᠭᠤᠭᠤᠯᠤᠭᠰᠠᠨ ᠰᠦᠵᠢᠭ ᠨᠢ ᠭᠡᠷᠡᠯᠲᠦᠨ ᠰᠠᠯᠪᠠᠭᠠᠷᠠᠢ 》 ᠭᠡᠨ᠎ᠡ ᠃ ᠢᠲᠡᠭᠡᠯᠲᠦ ᠪᠠᠭᠰᠢ ᠄《 ᠪᠢᠯᠢᠭᠦᠨ ᠤᠬᠠᠭᠠᠨ ᠤ᠋ ᠪᠡᠯᠭᠡ ᠲᠡᠮᠳᠡᠭ 》 ᠭᠡᠮᠡᠨ ᠠᠢᠯᠠᠳᠤᠯ᠎ᠠ᠃
2026.05.29
ᠮᠣᠷᠢ ᠵᠢᠯ ᠂ ᠮᠣᠭᠠᠢ ᠰᠠᠷ᠎ᠠ ᠶ᠋ᠢᠨ 13 ᠤ᠋ ᠬᠠᠷᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠴᠡᠪᠡᠷ ᠰᠡᠳᠬᠢᠯ ᠡᠴᠡ ᠡᠬᠢᠯᠡᠬᠦ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠡᠷᠳᠡᠨᠢ ᠯᠠᠭᠱᠠᠨ ᠢ᠋ᠶ᠋ᠠᠨ ᠠᠮᠢᠲᠠᠨ ᠳ᠋ᠤ᠌ ᠵᠣᠷᠢᠭᠤᠯ 》ᠭᠡᠮᠡᠨ ᠠᠢᠯᠠᠳᠤᠯ᠎ᠠ᠃
2026.05.30
ᠮᠣᠷᠢ ᠵᠢᠯ ᠂ ᠮᠣᠭᠠᠢ ᠰᠠᠷ᠎ᠠ ᠶ᠋ᠢᠨ 14 ᠦ᠌ ᠬᠥᠬᠡ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠡᠨᠡ ᠲᠠᠬᠢᠯᠭ᠎ᠠ ᠲᠠᠢ ᠣᠷᠣᠨ》ᠭᠡᠨ᠎ᠡ ᠃ ᠢᠲᠡᠭᠡᠯᠲᠦ ᠬᠠᠮᠪᠤ ᠪᠯᠠᠮ᠎ᠠ ᠄《 ᠣᠶᠤᠨ ᠤᠬᠠᠭᠠᠨ ᠤ᠋ ᠤᠷᠤᠰᠬᠤᠢ ᠶ᠋ᠢᠨ ᠦᠵᠡᠭᠳᠡᠯ 》ᠭᠡᠮᠡᠨ ᠠᠢᠯᠠᠳᠤᠯ᠎ᠠ᠃
2026.05.31
ᠮᠣᠷᠢ ᠵᠢᠯ ᠂ ᠮᠣᠭᠠᠢ ᠰᠠᠷ᠎ᠠ ᠶ᠋ᠢᠨ 15 ᠤ᠋ ᠬᠥᠬᠡᠭᠴᠢᠨ ᠮᠣᠭᠠᠢ ᠡᠳᠦᠷ ᠦ᠋ᠨ ᠴᠠᠭ ᠪᠤᠶᠠᠨᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠬᠣᠭᠣᠰᠣᠨ ᠴᠢᠨᠠᠷ ᠮᠡᠳᠡᠬᠦ ᠡᠳᠦᠷ ᠭᠡᠵᠦ ᠰᠣᠨᠣᠰᠤᠭᠳᠠᠭ᠎ᠠ ᠃ᠢᠲᠡᠭᠡᠯᠲᠦ ᠪᠠᠭᠰᠢ ᠄ 《 ᠨᠣᠮ ᠤ᠋ᠨ ᠬᠦᠷᠳᠦ ᠡᠷᠭᠢᠭᠦᠯᠬᠦ ᠪᠣᠯ ᠠᠷᠭ᠎ᠠ ᠪᠢᠯᠢᠭ ᠬᠠᠮᠲᠤᠷᠠᠨ᠎ᠠ 》ᠭᠡᠮᠡᠨ ᠠᠢᠯᠠᠳᠤᠯ᠎ᠠ᠃
    ᠢᠷᠡᠯᠲᠡ᠄ ᠢᠪᠠᠯᠭ᠎ᠠ ᠶ᠋ᠢᠨ ᠳ᠋ᠠᠼᠠᠩ 《 ᠬᠠᠮᠪᠤ ᠶ᠋ᠢᠨ ᠬᠦᠷᠢᠶ᠎ᠡ》

    ᠦᠰᠦᠭ ᠠᠮᠢᠯᠠᠭᠤᠯᠤᠭᠴᠢ᠄ ᠠᠯᠲᠠᠨᠨᠠᠪᠴᠢ    
    ᠬᠢᠨᠠᠭᠴᠢ᠄ ᠣᠳᠬᠠᠨᠰᠣ᠎ᠠ