ᠬᠠᠢᠷ᠎ᠠ ᠶ᠋ᠢᠨ ᠰᠣᠪᠢᠩ ᠲᠠᠢ ᠪᠣᠷᠣᠭ᠎ᠠ -ᠠᠩᠬᠠᠪᠠᠶᠠᠷ᠂ ᠴᠠᠩᠴᠠᠯᠳᠤᠯᠮ᠎ᠠ Хайрын сувинтай бороо-Анхбаяр,Цанцалдлам
ᠬᠠᠢᠷ᠎ᠠ ᠶ᠋ᠢᠨ ᠰᠣᠪᠢᠩ ᠲᠠᠢ ᠪᠣᠷᠣᠭ᠎ᠠ
ᠦᠭᠡ᠄ ᠭ᠌᠂ ᠪᠠᠶᠠᠷ
ᠠᠶ᠎ᠠ᠄ ᠠ᠊᠂ ᠠᠩᠬᠠᠪᠠᠶᠠᠷ
ᠳᠠᠭᠤᠴᠢᠨ᠄ ᠠᠩᠬᠠᠪᠠᠶᠠᠷ᠂ ᠴᠠᠩᠴᠠᠯᠳᠤᠯᠮ᠎ᠠ
ᠬᠠᠨᠢ ᠮᠢᠨᠢ ᠠᠳᠤᠭᠤᠨ ᠳ᠋ᠠᠭᠠᠨ ᠢᠰᠬᠡᠷᠦᠭᠡᠳ ᠮᠣᠷᠳᠠᠮᠠᠷ
ᠠᠷᠠᠳ ᠤ᠋ᠨ ᠳᠠᠭᠤᠤ ᠰᠢᠬ ᠢ᠋ᠶ᠋ᠡᠨ ᠪᠣᠷᠣᠭ᠎ᠠ ᠶᠤᠮ ᠬᠦ᠋
ᠠᠶᠠᠯᠭᠤ ᠬᠦᠪᠦᠷᠢᠳᠦᠭᠰᠡᠨ ᠮᠥᠩᠭᠥᠨ ᠳᠤᠰᠤᠯ ᠤ᠋ᠳ ᠨᠢ
ᠠᠮᠠᠰᠠᠷ ᠳᠦᠭᠦᠷᠡᠩ ᠵᠢᠷᠭᠠᠯ ᠢ᠋ ᠪᠢᠳᠡᠨ ᠳ᠋ᠦ᠍ ᠬᠠᠢᠷᠠᠯᠠᠵᠠᠢ
ᠳᠥᠷᠥᠭᠡ ᠬᠠᠷᠰᠢᠭᠤᠯᠤᠭᠠᠳ ᠴᠡᠴᠡᠭ ᠲᠦ᠍ ᠭᠡᠷᠡᠯᠲᠦᠮᠡᠷ
ᠳᠤᠷᠠᠯᠠᠯ ᠤ᠋ᠨ ᠰᠣᠪᠢᠩ ᠲᠠᠢ ᠪᠣᠷᠣᠭ᠎ᠠ ᠶᠤᠮ ᠬᠦ᠋
ᠬᠠᠷᠠᠴᠠ ᠵᠡᠭᠡᠭᠯᠡᠭᠰᠡᠨ ᠪᠦᠯᠢᠶᠡᠨ ᠳᠤᠰᠤᠯ ᠤ᠋ᠳ ᠨᠢ
ᠬᠠᠨᠢᠯᠠᠨ ᠰᠠᠭᠤᠬᠤ ᠶ᠋ᠢᠨ ᠵᠢᠷᠭᠠᠯ ᠢ᠋ ᠪᠢᠳᠡᠨ ᠳ᠋ᠦ᠍ ᠬᠠᠢᠷᠠᠯᠠᠵᠠᠢ
ᠭᠡᠷᠭᠡᠢ ᠮᠢᠨᠢ ᠢᠨᠢᠶᠡᠮᠰᠦᠭᠯᠡᠨ ᠰᠠᠭᠠᠯᠢᠨ ᠳ᠋ᠠᠭᠠᠨ ᠭᠠᠷᠤᠮᠠᠷ
ᠴᠡᠩᠬᠡᠷ ᠲᠡᠷᠯᠢᠭ ᠰᠢᠭ᠌ ᠪᠣᠷᠣᠭ᠎ᠠ ᠶᠤᠮ ᠬᠦ᠋
ᠰᠢᠭᠦᠳᠡᠷᠢ ᠦᠷᠭᠦᠭᠡᠭᠰᠡᠨ ᠭᠡᠭᠡᠨ ᠳᠤᠰᠤᠯ ᠤ᠋ᠳ ᠨᠢ
ᠰᠣᠪᠢᠩ ᠳᠦᠭᠦᠷᠡᠩ ᠵᠢᠷᠭᠠᠯ ᠢ᠋ ᠪᠢᠳᠡᠨ ᠳ᠋ᠦ᠍ ᠬᠠᠢᠷᠠᠯᠠᠵᠠᠢ
(ᠳᠠᠬᠢᠯᠲᠠ)
ᠬᠦᠦ ᠮᠢᠨᠢ ᠡᠷᠬᠡᠯᠡᠨ ᠬᠥᠭᠡᠭᠡᠴᠡᠯᠳᠦᠨ ᠨᠠᠭᠠᠳᠤᠮᠠᠷ
ᠰᠣᠯᠣᠩᠭ᠎ᠠ ᠬᠥᠯᠭᠡᠯᠡᠭᠰᠡᠨ ᠪᠣᠷᠣᠭ᠎ᠠ ᠶᠤᠮ ᠬᠦ᠋
ᠭᠠᠩᠭ᠎ᠠ ᠶ᠋ᠢᠨ ᠦᠨᠦᠷ ᠲᠡᠢ ᠠᠯᠲᠠᠨ ᠳᠤᠰᠤᠯ ᠤ᠋ᠳ ᠨᠢ
ᠭᠡᠷ ᠳᠦᠭᠦᠷᠡᠩ ᠵᠢᠷᠭᠠᠯ ᠢ᠋ ᠪᠢᠳᠡᠨ ᠳ᠋ᠦ᠍ ᠬᠠᠢᠷᠠᠯᠠᠵᠠᠢ
( ᠳᠠᠬᠢᠯᠲᠠ) ( ᠳᠠᠬᠢᠯᠲᠠ)
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
