ᠲᠠᠯ᠎ᠠ ᠶ᠋ᠢᠨ ᠬᠡᠦᠬᠡᠳ ᠦ᠋ᠳ -ᠲᠤᠨᠤᠯᠵᠠᠨ᠎ᠠTalyn khüükhdüüd-TonolzanaТалын хүүхдүүд-Тонолзана
ᠲᠠᠯ᠎ᠠ ᠶ᠋ᠢᠨ ᠬᠡᠦᠬᠡᠳ ᠦ᠋ᠳ
ᠦᠭᠡ ᠄ᠰᠠᠷᠠᠭᠤᠯᠰᠠᠢᠬᠠᠨ
ᠠᠶ᠎ᠠ ᠄ ᠰᠠᠷᠠᠭᠤᠯᠰᠠᠢᠬᠠᠨ
ᠳᠠᠭᠤᠴᠢᠨ ᠄ ᠲᠤᠨᠤᠯᠵᠠᠨ᠎ᠠ
ᠠᠮᠤᠭᠤᠯᠠᠩ ᠠᠭᠤᠳᠠᠮ ᠲᠠᠯ᠎ᠠ ᠳ᠋ᠤ᠌ ᠪᠠᠨ ᠨᠠᠢᠭᠤᠭᠰᠠᠨ
ᠠᠯᠠᠭᠬᠠᠨ ᠴᠡᠴᠡᠭᠡᠰ ᠦ᠋ᠨ ᠨᠠᠷᠠᠨ ᠬᠣᠷᠸ᠎ᠠ ᠳ᠋ᠤ᠌ ᠪᠠᠨ
ᠠᠯᠢᠶᠠᠬᠠᠨ ᠬᠥᠭᠡᠷᠦᠬᠦᠨ ᠬᠡᠦᠬᠡᠳ ᠦ᠋ᠨ ᠢᠨᠢᠶᠡᠳᠦᠨ ᠳ᠋ᠦ᠍
ᠠᠮᠢᠨ ᠨᠤᠲᠤᠭ ᠮᠢᠨᠢ ᠪᠡᠶᠡᠰᠴᠦ ᠪᠠᠢᠳᠠᠭ
ᠲᠠᠪᠤᠨ ᠲᠢᠪ ᠦ᠋ᠨ ᠬᠡᠦᠬᠡᠳ ᠪᠦᠬᠦᠨ
ᠪᠠᠶᠠᠷ ᠬᠥᠷ ᠢ᠋ᠶ᠋ᠡᠷ ᠳᠦᠭᠦᠷᠡᠩ ᠪᠠᠢᠭᠠᠰᠠᠢ
ᠲᠠᠢᠪᠤᠩ ᠠᠮᠤᠭᠤᠯᠠᠩ ᠳᠡᠯᠡᠬᠡᠢ ᠶ᠋ᠢᠨ ᠲᠥᠯᠥᠭᠡ
ᠲᠠᠯ᠎ᠠ ᠶ᠋ᠢᠨ ᠬᠡᠦᠬᠡᠳ ᠦ᠋ᠳ ᠳᠠᠭᠤᠤ ᠪᠠᠨ ᠡᠷᠭᠦᠨ᠎ᠡ
ᠴᠡᠯᠮᠡᠭᠦᠨ ᠴᠡᠩᠬᠡᠷ ᠲᠡᠭᠷᠢ ᠪᠡᠨ ᠴᠢᠮᠡᠭᠰᠡᠨ
ᠥᠩᠭᠡ ᠶ᠋ᠢᠨ ᠰᠣᠯᠣᠩᠭ᠎ᠠ ᠶ᠋ᠢᠨ ᠰᠣᠨᠢᠬᠠᠨ ᠣᠷᠴᠢᠯᠠᠩ
ᠥᠬᠥᠭᠡᠷᠳᠡᠮ᠎ᠡ ᠬᠥᠭᠡᠷᠦᠬᠦᠨ ᠬᠡᠦᠬᠡᠳ ᠦ᠋ᠨ ᠳᠠᠭᠤᠨ ᠳ᠋ᠤ᠌ ᠪᠠᠨ
ᠥᠯᠥᠭᠡᠢ ᠨᠤᠲᠤᠭ ᠮᠢᠨᠢ ᠤᠶᠠᠷᠠᠭᠠᠳ ᠪᠠᠢᠳᠠᠭ
ᠲᠠᠪᠤᠨ ᠲᠢᠪ ᠦ᠋ᠨ ᠬᠡᠦᠬᠡᠳ ᠪᠦᠬᠦᠨ
ᠪᠠᠶᠠᠷ ᠬᠥᠷ ᠢ᠋ᠶ᠋ᠡᠷ ᠳᠦᠭᠦᠷᠡᠩ ᠪᠠᠢᠭᠠᠰᠠᠢ
ᠲᠠᠢᠪᠤᠩ ᠠᠮᠤᠭᠤᠯᠠᠩ ᠳᠡᠯᠡᠬᠡᠢ ᠶ᠋ᠢᠨ ᠲᠥᠯᠥᠭᠡ
ᠲᠠᠯ᠎ᠠ ᠶ᠋ᠢᠨ ᠬᠡᠦᠬᠡᠳ ᠦ᠋ᠳ ᠳᠠᠭᠤᠤ ᠪᠠᠨ ᠡᠷᠭᠦᠨ᠎ᠡ
ᠡᠷᠭᠢᠬᠦ ᠳᠡᠯᠡᠬᠡᠢ ᠶ᠋ᠢᠨ ᠬᠡᠦᠬᠡᠳ ᠦ᠋ᠳ ᠪᠦᠭᠦᠳᠡᠭᠡᠷ ᠢ᠋ᠶ᠋ᠡᠨ
ᠡᠯᠢᠭᠡ ᠪᠦᠲᠦᠨ ᠵᠢᠷᠭᠠᠯ ᠲᠠᠢ ᠠᠮᠢᠳᠤᠷᠠᠭᠠᠰᠠᠢ
ᠡᠨᠡᠷᠢᠩᠭᠦᠢ ᠰᠡᠳᠬᠢᠯ ᠢ᠋ᠶ᠋ᠡᠷ ᠬᠥᠮᠦᠰ ᠮᠢᠨᠢ ᠳᠡᠯᠭᠡᠨ
ᠢᠷᠡᠭᠡᠳᠦᠢ ᠶ᠋ᠢᠨ ᠲᠥᠯᠥᠭᠡ ᠦᠷᠡᠰ ᠢ᠋ᠶ᠋ᠡᠨ ᠬᠠᠢᠷᠠᠯᠠᠵᠠᠭᠠᠶᠠ
ᠲᠠᠪᠤᠨ ᠲᠢᠪ ᠦ᠋ᠨ ᠬᠡᠦᠬᠡᠳ ᠪᠦᠬᠦᠨ
ᠪᠠᠶᠠᠷ ᠬᠥᠷ ᠢ᠋ᠶ᠋ᠡᠷ ᠳᠦᠭᠦᠷᠡᠩ ᠪᠠᠢᠭᠠᠰᠠᠢ
ᠲᠠᠢᠪᠤᠩ ᠠᠮᠤᠭᠤᠯᠠᠩ ᠳᠡᠯᠡᠬᠡᠢ ᠶ᠋ᠢᠨ ᠲᠥᠯᠥᠭᠡ
ᠲᠠᠯ᠎ᠠ ᠶ᠋ᠢᠨ ᠬᠡᠦᠬᠡᠳ ᠦ᠋ᠳ ᠳᠠᠭᠤᠤ ᠪᠠᠨ ᠡᠷᠭᠦᠨ᠎ᠡ
ᠲᠠᠯ᠎ᠠ ᠶ᠋ᠢᠨ ᠬᠡᠦᠬᠡᠳ ᠦ᠋ᠳ ᠳᠠᠭᠤᠤ ᠪᠠᠨ ᠡᠷᠭᠦᠨ᠎ᠡ
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠬᠢᠨᠠᠭᠴᠢ ᠄ ᠢᠷᠡᠭᠡᠳᠦᠢ
