ᠣᠳᠣᠳ ᠥᠷᠯᠥᠭᠡ ᠬᠠᠮᠢᠭ᠎ᠠ ᠣᠴᠢᠳᠠᠭ ᠪᠣᠢ -ᠯᠤᠪᠰᠠᠩ ᠤ᠋ᠨ ᠣᠳᠣᠨᠴᠢᠮᠡᠳОдод өглөө хаа очдог бэ-Лувсангийн Одончимэд
ᠣᠳᠣᠳ ᠥᠷᠯᠥᠭᠡ ᠬᠠᠮᠢᠭ᠎ᠠ ᠣᠴᠢᠳᠠᠭ ᠪᠣᠢ
ᠵᠣᠬᠢᠶᠠᠭᠴᠢ᠄ ᠯᠤᠪᠰᠠᠩ ᠤ᠋ᠨ ᠣᠳᠣᠨᠴᠢᠮᠡᠳ
ᠤᠶᠠᠩᠭᠠᠯᠠᠭᠴᠢ ᠄ ᠴᠡᠴᠡᠨᠲᠠᠮᠢᠷ
ᠥᠴᠥᠭᠡᠳᠦᠷ ᠣᠷᠣᠢ ᠤᠨᠲᠠᠬᠤ ᠦᠶ᠎ᠡ ᠪᠡᠷ
ᠡᠷᠦᠬᠡᠨ ᠳᠡᠭᠡᠷ᠎ᠡ ᠭᠢᠯᠲᠠᠭᠠᠨᠠᠵᠤ ᠪᠠᠢᠭᠰᠠᠨ
ᠡᠴᠢᠨᠡᠭᠡᠨ ᠣᠯᠠᠨ ᠣᠳᠣ
ᠥᠨᠥ ᠥᠷᠯᠥᠭᠡ ᠠᠯᠠᠭ᠎ᠠ ᠪᠠᠢᠬᠤ ᠴᠢᠨᠢ
ᠤᠷᠢᠳᠤ ᠰᠥᠨᠢ ᠲᠡᠳᠡ ᠬᠠᠮᠢᠭ᠎ᠠ ᠣᠷᠣᠴᠢᠬᠠᠪᠠ ᠠ᠋
ᠠᠭᠤᠯᠠ ᠶ᠋ᠢᠨ ᠴᠠᠭᠠᠭᠤᠷ ᠨᠢᠭᠤᠭᠳᠠᠴᠢᠬᠠᠪᠠ ᠤᠤ
ᠤᠰᠤᠨ ᠳ᠋ᠤ᠌ ᠱᠤᠮᠪᠠᠭᠠᠳ ᠣᠷᠣᠴᠢᠬᠠᠪᠠ ᠤᠤ
ᠤᠴᠢᠷ ᠢ᠋ ᠨᠢ ᠮᠡᠳᠡᠭᠡᠳ ᠠᠪᠬᠤ ᠶᠤᠮ ᠰᠠᠨ
ᠰᠠᠷ᠎ᠠ ᠨᠢᠭᠡ ᠯᠡ ᠲᠣᠮᠣᠷᠠᠴᠢᠬᠠᠭᠰᠠᠨ ᠶᠤᠮ ᠰᠢᠭ᠋
ᠰᠠᠨᠠᠭ᠎ᠠ ᠲᠠᠢ ᠲᠡᠳᠡᠨ ᠢ᠋ ᠵᠠᠯᠭᠢᠴᠢᠬᠠᠭᠠ ᠦᠭᠡᠢ ᠪᠠᠢᠭ᠎ᠠ ᠳᠠ?
ᠰᠠᠭᠠᠬᠠᠯᠲᠠ ᠡᠪᠦᠭᠡ ᠶ᠋ᠢᠨ ᠰᠠᠬᠢᠯᠭ᠎ᠠ ᠦᠭᠡᠢ ᠬᠦᠦ
ᠰᠠᠪᠠᠭ᠎ᠠ ᠮᠣᠳᠣ ᠪᠠᠷ ᠬᠠᠭᠠᠯᠴᠢᠬᠠᠭᠠ ᠦᠭᠡᠢ ᠪᠠᠵᠠ ᠪᠠᠢᠭ᠎ᠠ ᠳᠠ?
ᠡᠪᠦᠭᠡ ᠶ᠋ᠢᠨ ᠳᠤᠷᠠᠨ ᠢ᠋ ᠠᠪᠤᠭᠠᠳ ᠬᠠᠷᠠᠶ᠎ᠠ ᠪᠠᠢᠵᠠ
ᠥᠨᠳᠥᠷ ᠭᠠᠵᠠᠷ ᠣᠴᠢᠵᠤ ᠠᠵᠢᠭᠯᠠᠶᠠ ᠪᠠᠢᠵᠠ
ᠪᠣᠭᠣᠷᠰᠣᠭ ᠤ᠋ᠨ ᠱᠦᠭᠦᠷ ᠦ᠋ᠨ ᠰᠢᠨᠠᠭ᠎ᠠ ᠪᠠᠷ
ᠪᠣᠷᠭᠢᠶ᠎ᠠ ᠭᠣᠣᠯ ᠢ᠋ ᠰᠠᠮᠤᠷᠤᠶᠠ ᠪᠠᠢᠵᠠ
ᠬᠡᠯᠲᠡᠷᠬᠡᠢ ᠴᠦ᠍ ᠭᠡᠰᠡᠨ ᠣᠯᠵᠤ ᠠᠪᠤᠪᠠᠯ
ᠬᠡᠴᠢᠨᠡᠭᠡᠨ ᠭᠣᠶᠣ ᠪᠣᠢ ᠬᠡᠦᠬᠡᠳ ᠦ᠋ᠳ ᠠ᠋
ᠬᠡᠷᠪᠡ ᠪᠢ ᠰᠠᠨᠠᠭᠰᠠᠨ ᠳ᠋ᠤ᠌ ᠪᠠᠨ ᠬᠦᠷᠪᠡᠯ
ᠬᠡᠯᠡᠨ᠎ᠡ ᠲᠠ ᠨᠠᠷ ᠲᠤ᠌ ᠪᠠᠨ ᠨᠠᠢᠵᠠ ᠨᠤᠭᠤᠳ ᠠ᠋᠂
ᠥᠴᠥᠭᠡᠳᠦᠷ ᠣᠷᠣᠢ ᠤᠨᠲᠠᠬᠤ ᠦᠶ᠎ᠡ ᠪᠡᠷ
ᠡᠷᠦᠬᠡᠨ ᠳᠡᠭᠡᠷ᠎ᠡ ᠭᠢᠯᠲᠠᠭᠠᠨᠠᠵᠤ ᠪᠠᠢᠭᠰᠠᠨ
ᠡᠴᠢᠨᠡᠭᠡᠨ ᠣᠯᠠᠨ ᠣᠳᠣ
ᠥᠨᠥ ᠥᠷᠯᠥᠭᠡ ᠬᠠᠮᠢᠭ᠎ᠠ ᠣᠴᠢᠴᠢᠬᠠᠪᠠ
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠬᠢᠨᠠᠭᠴᠢ᠄ ᠢᠷᠡᠭᠡᠳᠦᠢ
