ᠡᠩᠬᠦᠷᠡᠢ ᠦᠷ᠎ᠡ ᠮᠢᠨᠢ -ᠤᠷᠠᠨᠲᠠᠨ᠎ᠠ Enkhrii ür mini-UrantanaЭнхрий үр минь-Урантана ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠩᠬᠦᠷᠡᠢ ᠦᠷ᠎ᠡ ᠮᠢᠨᠢ -ᠤᠷᠠᠨᠲᠠᠨ᠎ᠠ Enkhrii ür mini-UrantanaЭнхрий үр минь-Урантана

ᠡᠩᠬᠦᠷᠡᠢ ᠦᠷ᠎ᠡ ᠮᠢᠨᠢ -ᠤᠷᠠᠨᠲᠠᠨ᠎ᠠ Enkhrii ür mini-UrantanaЭнхрий үр минь-Урантана

ᠠᠩᠭᠢᠯᠠᠯ:ᠳᠠᠭᠤᠤ ᠬᠥᠭᠵᠢᠮ
2026-06-04

108

ᠡᠩᠬᠦᠷᠡᠢ ᠦᠷ᠎ᠡ ᠮᠢᠨᠢ


              ᠰᠢᠯᠦᠭ᠄ ᠪᠥᠬᠡ 
              ᠠᠶ᠎ᠠ᠄ ᠬᠠᠳᠠᠪᠠᠭᠠᠲᠤᠷ  
              ᠳᠠᠭᠤᠴᠢᠨ᠄ ᠤᠷᠠᠨᠲᠠᠨ᠎ᠠ 

ᠤᠷᠭᠤᠬᠤ ᠨᠠᠷᠠᠨ ᠰᠢᠬ ᠡᠩᠬᠦᠷᠡᠢ ᠮᠢᠨᠢ 
ᠥᠷᠥᠴᠡ ᠴᠡᠭᠡᠵᠢᠨ ᠡᠴᠡ ᠤᠶᠠᠭᠠᠲᠠᠢ ᠦᠷ᠎ᠡ ᠮᠢᠨᠢ 
ᠪᠤᠯᠪᠠᠷᠠᠢᠬᠠᠨ ᠬᠥᠭᠡᠷᠦᠬᠦᠨ ᠵᠠᠩ ᠢ᠋ᠶ᠋ᠠᠷ ᠢ᠋ᠶ᠋ᠠᠨ 
ᠪᠣᠳᠣᠯ ᠵᠢᠷᠦᠬᠡᠨ ᠡᠴᠡ ᠬᠣᠯᠪᠣᠭᠠᠲᠠᠢ ᠥᠬᠢᠨ ᠮᠢᠨᠢ 

ᠡᠩᠬᠦᠷᠡᠢ ᠦᠷ᠎ᠡ ᠮᠢᠨᠢ ᠡᠩᠬᠦᠷᠡᠢ ᠦᠷ᠎ᠡ ᠮᠢᠨᠢ 
ᠡᠵᠢ ᠠᠪᠤ ᠶ᠋ᠢᠨ ᠢ᠋ᠶ᠋ᠡᠨ ᠢᠷᠡᠭᠡᠳᠦᠢ ᠪᠢᠯᠡ 
ᠪᠤᠯᠪᠠᠷᠠᠢ ᠦᠷ᠎ᠡ ᠮᠢᠨᠢ ᠪᠤᠯᠪᠠᠷᠠᠢ ᠦᠷ᠎ᠡ ᠮᠢᠨᠢ
ᠪᠣᠰᠤᠭ᠎ᠠ ᠦᠢᠯᠡᠰ ᠦ᠋ᠨ ᠮᠢᠨᠢ ᠵᠠᠯᠭᠠᠮᠵᠢ ᠪᠢᠯᠡ

ᠣᠷᠣᠭᠰᠢ ᠲᠠᠪᠰᠢᠬᠤ ᠡᠷᠴᠢ ᠬᠦᠴᠦ ᠶ᠋ᠢ
ᠥᠪᠡᠷ ᠦ᠋ᠨ ᠴᠢᠷᠮᠠᠢᠯᠲᠠ ᠪᠠᠷ ᠣᠯᠳᠠᠭ ᠶᠤᠮ
ᠥᠷᠥᠭᠡᠯ ᠦ᠋ᠨ ᠳᠤᠮᠳᠠ ᠠ᠋ᠴᠠ ᠰᠣᠳᠣᠬᠠᠨ ᠭᠢᠯᠠᠯᠵᠠᠳᠠᠭ
ᠥᠷᠥᠪᠴᠢᠬᠡᠨ ᠡᠭᠡᠯᠢᠲᠡᠢ ᠥᠬᠢᠨ ᠮᠢᠨᠢ

ᠡᠩᠬᠦᠷᠡᠢ ᠦᠷ᠎ᠡ ᠮᠢᠨᠢ ᠡᠩᠬᠦᠷᠡᠢ ᠦᠷ᠎ᠡ ᠮᠢᠨᠢ
ᠡᠵᠢ ᠠᠪᠤ ᠶ᠋ᠢᠨ ᠢ᠋ᠶ᠋ᠡᠨ ᠢᠷᠡᠭᠡᠳᠦᠢ ᠪᠢᠯᠡ
ᠪᠤᠯᠪᠠᠷᠠᠢ ᠦᠷ᠎ᠡ ᠮᠢᠨᠢ ᠪᠤᠯᠪᠠᠷᠠᠢ ᠦᠷ᠎ᠡ ᠮᠢᠨᠢ
ᠪᠣᠰᠤᠭ᠎ᠠ ᠦᠢᠯᠡᠰ ᠦ᠋ᠨ ᠮᠢᠨᠢ ᠵᠠᠯᠭᠠᠮᠵᠢ ᠪᠢᠯᠡ

ᠮᠠᠨᠳᠤᠬᠤ ᠰᠠᠷᠠ ᠰᠢᠬ ᠪᠤᠯᠪᠠᠷᠠᠢ ᠥᠬᠢᠨ ᠮᠢᠨᠢ
ᠮᠠᠭᠲᠠᠭᠠᠯ ᠰᠠᠢᠰᠢᠶᠠᠯ ᠢ᠋ᠶ᠋ᠠᠷ ᠤᠷᠮᠠᠰᠢᠳᠠᠭ ᠶᠤᠮ
ᠳᠡᠭᠵᠢᠨ ᠴᠣᠪᠣᠭᠣ ᠠᠭᠠᠯᠢ ᠪᠠᠷ ᠢ᠋ᠶ᠋ᠠᠨ
ᠳᠡᠭᠵᠢᠷᠡᠵᠦ ᠶᠠᠪᠤᠬᠤ ᠥᠬᠢᠨ ᠮᠢᠨᠢ

ᠡᠩᠬᠦᠷᠡᠢ ᠦᠷ᠎ᠡ ᠮᠢᠨᠢ ᠡᠩᠬᠦᠷᠡᠢ ᠦᠷ᠎ᠡ ᠮᠢᠨᠢ
ᠡᠵᠢ ᠠᠪᠤ ᠶ᠋ᠢᠨ ᠢ᠋ᠶ᠋ᠡᠨ ᠢᠷᠡᠭᠡᠳᠦᠢ ᠪᠢᠯᠡ
ᠪᠤᠯᠪᠠᠷᠠᠢ ᠦᠷ᠎ᠡ ᠮᠢᠨᠢ ᠪᠤᠯᠪᠠᠷᠠᠢ ᠦᠷ᠎ᠡ ᠮᠢᠨᠢ
ᠪᠣᠰᠤᠭ᠎ᠠ ᠦᠢᠯᠡᠰ ᠦ᠋ᠨ ᠮᠢᠨᠢ ᠵᠠᠯᠭᠠᠮᠵᠢ ᠪᠢᠯᠡ

     ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
     ᠬᠢᠨᠠᠭᠴᠢ᠄ ᠣᠳᠬᠠᠨᠰᠣ᠎ᠠ