ᠬᠠᠲᠤᠨ ᠭᠤᠸ᠎ᠠ -ᠳᠣᠷᠵᠢᠭᠤᠴᠣᠣ Khatan goo-DorjgochooХатан гоо-Доржгочоо
ᠬᠠᠲᠤᠨ ᠭᠤᠸ᠎ᠠ
ᠦᠭᠡ᠄ ᠳ᠂ ᠪᠠᠲᠤᠰᠠᠭᠤᠷᠢ
ᠠᠶ᠎ᠠ᠄ ᠠ᠊᠂ ᠠᠩᠬᠠᠪᠠᠶᠠᠷ
ᠳᠠᠭᠤᠴᠢᠨ᠄ ᠳᠣᠷᠵᠢᠭᠤᠴᠣᠣ
ᠴᠠᠭ ᠤ᠋ᠨ ᠠᠶᠠᠰ ᠢ᠋ ᠬᠠᠢᠷ᠎ᠠ ᠪᠠᠷ ᠰᠦᠯᠡᠭᠰᠡᠨ
ᠴᠠᠢᠯᠭᠠᠨ ᠰᠠᠢᠬᠠᠨ ᠮᠣᠩᠭᠣᠯ ᠪᠦᠰᠡᠭᠦᠢ
ᠭᠡᠭᠡᠨ ᠤᠬᠠᠭᠠᠨ ᠢ᠋ᠶ᠋ᠠᠷ ᠣᠷᠴᠢᠯᠠᠩ ᠢ᠋ ᠤᠶᠠᠷᠠᠭᠠᠭᠰᠠᠨ
ᠭᠡᠷᠡᠯ ᠰᠠᠴᠤᠷᠠᠭᠤᠯᠤᠭᠰᠠᠨ ᠬᠠᠲᠤᠨ ᠭᠤᠸ᠎ᠠ
ᠰᠡᠷᠭᠦᠯᠡᠩ ᠬᠥᠭᠡᠷᠦᠬᠦᠨ ᠠᠯᠠᠭ ᠨᠢᠳᠦ ᠨᠢ
ᠰᠡᠳᠬᠢᠯ ᠠᠯᠳᠠᠭᠤᠯᠵᠤ ᠵᠢᠷᠦᠬᠡ ᠪᠤᠯᠭᠢᠯᠠᠭᠤᠯᠳᠠᠭ
ᠬᠦᠷᠬᠢᠷ᠎ᠡ ᠠᠰᠬᠠᠷᠠᠬᠤ ᠬᠠᠷᠠᠬᠠᠨ ᠭᠡᠵᠢᠭᠡ ᠨᠢ
ᠬᠦᠰᠡᠯ ᠪᠠᠳᠠᠷᠠᠭᠠᠵᠤ ᠬᠠᠢᠷ᠎ᠠ ᠲᠥᠷᠥᠭᠦᠯᠳᠡᠭ
ᠴᠡᠴᠡᠭ ᠦ᠋ᠨ ᠳᠡᠯᠪᠢᠭᠡᠨ ᠦ᠌ ᠠᠩᠭᠢᠯᠤᠭᠤᠬᠠᠨ ᠦᠨᠦᠷ
ᠴᠡᠪᠡᠷ ᠠᠷᠢᠭᠤᠬᠠᠨ ᠮᠣᠩᠭᠣᠯ ᠪᠦᠰᠡᠭᠦᠢ
ᠴᠡᠭᠡᠵᠢ ᠪᠡᠷ ᠲᠡᠪᠡᠷᠢᠵᠦ ᠬᠠᠢᠷ᠎ᠠ ᠪᠠᠷ ᠡᠩᠬᠦᠷᠡᠢᠯᠡᠭᠰᠡᠨ
ᠴᠡᠩᠭᠡᠯ ᠦ᠋ᠨ ᠳᠠᠭᠢᠨᠢ ᠬᠠᠲᠤᠨ ᠭᠤᠸ᠎ᠠ
ᠰᠡᠷᠭᠦᠯᠡᠩ ᠬᠥᠭᠡᠷᠦᠬᠦᠨ ᠠᠯᠠᠭ ᠨᠢᠳᠦ ᠨᠢ
ᠰᠡᠳᠬᠢᠯ ᠠᠯᠳᠠᠭᠤᠯᠵᠤ ᠵᠢᠷᠦᠬᠡ ᠪᠤᠯᠭᠢᠯᠠᠭᠤᠯᠳᠠᠭ
ᠬᠦᠷᠬᠢᠷ᠎ᠡ ᠠᠰᠬᠠᠷᠠᠬᠤ ᠬᠠᠷᠠᠬᠠᠨ ᠭᠡᠵᠢᠭᠡ ᠨᠢ
ᠬᠦᠰᠡᠯ ᠪᠠᠳᠠᠷᠠᠭᠠᠵᠤ ᠬᠠᠢᠷ᠎ᠠ ᠲᠥᠷᠥᠭᠦᠯᠳᠡᠭ
ᠥᠨᠳᠥᠷ ᠳᠡᠭᠡᠳᠦ ᠬᠠᠲᠤᠳ ᠤ᠋ᠨ ᠤᠳᠤᠮ
ᠥᠨᠢ ᠮᠣᠩᠭᠣᠯ ᠤ᠋ᠨ ᠬᠡᠭᠡᠨᠴᠢᠷᠬᠡᠨ ᠲᠥᠷᠬᠦ
ᠦᠷ᠎ᠡ ᠶ᠋ᠢᠨ ᠢ᠋ᠶ᠋ᠡᠨ ᠪᠦᠪᠡᠢ ᠪᠡᠷ ᠬᠣᠷᠸ᠎ᠠ ᠶ᠋ᠢ ᠤᠶᠠᠷᠠᠭᠠᠭᠰᠠᠨ
ᠦᠵᠡᠰᠬᠦᠯᠡᠩᠲᠦ ᠲᠡᠭᠦᠯᠳᠡᠷ ᠬᠠᠲᠤᠨ ᠭᠤᠸ᠎ᠠ
ᠰᠡᠷᠭᠦᠯᠡᠩ ᠬᠥᠭᠡᠷᠦᠬᠦᠨ ᠠᠯᠠᠭ ᠨᠢᠳᠦ ᠨᠢ
ᠰᠡᠳᠬᠢᠯ ᠠᠯᠳᠠᠭᠤᠯᠵᠤ ᠵᠢᠷᠦᠬᠡ ᠪᠤᠯᠭᠢᠯᠠᠭᠤᠯᠳᠠᠭ
ᠬᠦᠷᠬᠢᠷ᠎ᠡ ᠠᠰᠬᠠᠷᠠᠬᠤ ᠬᠠᠷᠠᠬᠠᠨ ᠭᠡᠵᠢᠭᠡ ᠨᠢ
ᠬᠦᠰᠡᠯ ᠪᠠᠳᠠᠷᠠᠭᠠᠵᠤ ᠬᠠᠢᠷ᠎ᠠ ᠲᠥᠷᠥᠭᠦᠯᠳᠡᠭ
ᠰᠡᠷᠭᠦᠯᠡᠩ ᠬᠥᠭᠡᠷᠦᠬᠦᠨ ᠠᠯᠠᠭ ᠨᠢᠳᠦ ᠨᠢ
ᠰᠡᠳᠬᠢᠯ ᠠᠯᠳᠠᠭᠤᠯᠵᠤ ᠵᠢᠷᠦᠬᠡ ᠪᠤᠯᠭᠢᠯᠠᠭᠤᠯᠳᠠᠭ
ᠬᠦᠷᠬᠢᠷ᠎ᠡ ᠠᠰᠬᠠᠷᠠᠬᠤ ᠬᠠᠷᠠᠬᠠᠨ ᠭᠡᠵᠢᠭᠡ ᠨᠢ
ᠬᠦᠰᠡᠯ ᠪᠠᠳᠠᠷᠠᠭᠠᠵᠤ ᠬᠠᠢᠷ᠎ᠠ ᠲᠥᠷᠥᠭᠦᠯᠳᠡᠭ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
