ᠮᠠᠯᠴᠢᠨ ᠤ᠋ ᠠᠯᠳᠠᠷ -ᠴᠢᠯᠠᠭᠤMalchny aldar-ChuluuМалчны алдар-Чулуу
ᠮᠠᠯᠴᠢᠨ ᠤ᠋ ᠠᠯᠳᠠᠷ
ᠦᠭᠡ᠄ ᠦ᠊· ᠴᠡᠷᠡᠩᠳᠣᠩᠷᠣᠪ
ᠠᠶ᠎ᠠ᠄ ᠰ · ᠡᠯᠳᠡᠩᠭᠡ
ᠳᠠᠭᠤᠴᠢᠨ᠄ ᠴᠢᠯᠠᠭᠤ
ᠮᠥᠩᠭᠥᠨ ᠳᠤᠭᠤᠯᠠᠭ᠎ᠠ ᠪᠠᠷ ᠭᠣᠶᠣᠯᠠᠭᠰᠠᠨ
ᠪᠤᠭᠤᠷᠤᠯ ᠬᠠᠩᠭᠠᠢ ᠮᠢᠨᠢ ᠨᠠᠯᠠᠢᠵᠤ ᠪᠠᠢᠨ᠎ᠠ
ᠮᠥᠷᠥᠢᠴᠡᠭᠡᠨ ᠦ᠌ ᠬᠦᠴᠦ ᠪᠡᠷ ᠬᠦᠪᠴᠢᠯᠡᠭᠳᠡᠭᠰᠡᠨ
ᠪᠢᠳᠡᠨ ᠦ᠌ ᠵᠣᠷᠢᠭ ᠣᠴᠢᠯᠠᠵᠤ ᠪᠠᠢᠨ᠎ᠠ
ᠬᠡᠪᠴᠢᠶ᠎ᠡ ᠶᠡᠬᠡ ᠲᠡᠢ ᠬᠠᠰᠢᠶᠠᠨ ᠳ᠋ᠤ᠌ ᠮᠢᠨᠢ
ᠡᠪᠡᠰᠦᠨ ᠰᠦᠮᠪᠦᠷ ᠲᠦᠩᠬᠦᠢᠵᠦ ᠪᠠᠢᠨ᠎ᠠ
ᠬᠡᠰᠢᠭ ᠲᠡᠭᠦᠯᠳᠡᠷ ᠬᠥᠮᠥᠷᠭᠡ ᠳ᠋ᠦ᠍ ᠮᠢᠨᠢ
ᠡᠷᠳᠡᠨᠢ ᠶ᠋ᠢᠨ ᠪᠣᠷᠳᠣᠭᠤᠷ ᠪᠢᠯᠬᠠᠵᠤ ᠪᠠᠢᠨ᠎ᠠ
ᠪᠡᠯᠡᠳᠬᠡᠯ ᠪᠦᠷᠢᠨ ᠪᠠᠢᠬᠤ ᠶᠤᠮ ᠭᠡᠳ
ᠠᠯᠮᠠᠢᠷᠠᠵᠤ ᠶᠡᠷᠦᠳᠡᠭᠡᠨ ᠰᠠᠭᠤᠬᠤ ᠦᠭᠡᠢ ᠳᠡ
ᠪᠠᠷᠢᠭᠠᠳᠠ ᠶ᠋ᠢᠨ ᠣᠯᠠᠨ ᠮᠠᠯ ᠲᠠᠢ ᠪᠠᠨ
ᠠᠮᠢ ᠪᠠᠨ ᠬᠣᠯᠪᠣᠬᠤ ᠮᠢᠨᠢ ᠲᠠᠩᠭᠠᠷᠢᠭ ᠶᠤᠮ
ᠬᠠᠳᠠ ᠶ᠋ᠢ ᠨᠤᠷᠠᠭᠠᠮᠠᠷ ᠬᠥᠭᠡᠷᠭᠡᠳᠡᠳᠡᠭ
ᠬᠠᠬᠢᠷ ᠡᠪᠦᠯ ᠦ᠋ᠨ ᠰᠢᠭᠤᠷᠭᠠᠨ ᠳᠠ
ᠬᠠᠷᠰᠢ ᠠ᠋ᠴᠠ ᠮᠠᠯ ᠢ᠋ᠶ᠋ᠠᠨ ᠠᠪᠤᠷᠠᠬᠤ ᠨᠢ
ᠬᠠᠷᠢᠨ ᠴᠤ᠌ ᠪᠢᠳᠡᠨ ᠦ᠌ ᠠᠯᠳᠠᠷ ᠶᠤᠮ
ᠬᠠᠷᠢᠨ ᠴᠤ᠌ ᠪᠢᠳᠡᠨ ᠦ᠌ ᠠᠯᠳᠠᠷ ᠶᠤᠮ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
