ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ - ᠨᠠᠮᠰᠠᠷᠠᠢ <ᠡᠮᠦᠨᠡᠬᠢ ᠦᠭᠡ> Дайчин улсын үеийн монголын түүх - Намсрай <өмнөх үг>
ᠡᠮᠦᠨᠡᠬᠢ ᠦᠭᠡ
ᠠᠷᠪᠠᠨ ᠬᠣᠶᠠᠳᠤᠭᠠᠷ ᠵᠠᠭᠤᠨ ᠳ᠋ᠤ᠌ ᠴᠢᠩᠭᠢᠰ ᠬᠠᠭᠠᠨ ᠭᠡᠳᠡᠭ ᠨᠢᠭᠡᠨ ᠠᠭᠤᠤ ᠬᠥᠮᠦᠨ ᠮᠣᠩᠭᠣᠯ ᠦᠨᠳᠦᠰᠦᠲᠡᠨ ᠦ᠌ ᠳᠣᠲᠣᠷ᠎ᠠ ᠮᠡᠨᠳᠦᠯᠡᠵᠡᠢ᠃ ᠲᠡᠷᠡ ᠣᠬᠣᠷᠬᠠᠨ ᠬᠡᠳᠦᠨ ᠠᠷᠪᠠᠨ ᠵᠢᠯ ᠦ᠋ᠨ ᠬᠣᠭᠣᠷᠣᠨᠳᠣ ᠡᠯ᠎ᠡ ᠠᠢᠮᠠᠭ ᠶᠠᠰᠤᠲᠠᠨ ᠢ᠋ ᠨᠢᠭᠡᠳᠬᠡᠵᠦ᠂ ᠮᠣᠩᠭᠣᠯ ᠬᠠᠭᠠᠨᠲᠤ ᠤᠯᠤᠰ ᠢ᠋ ᠪᠠᠢᠭᠤᠯᠤᠨ᠂ ᠡᠮᠦᠨᠡᠰᠢ ᠠᠯᠲᠠᠨ ᠤᠯᠤᠰ ᠢ᠋ ᠳᠠᠢᠯᠠᠨ᠂ ᠪᠠᠷᠠᠭᠤᠨᠰᠢ ᠬᠤᠸᠷᠠᠽᠠᠮ ᠢ᠋ ᠴᠣᠬᠢᠵᠤ᠂ ᠠᠷᠠᠪ ᠤ᠋ᠨ ᠤᠯᠤᠰ ᠣᠷᠣᠨ ᠢ᠋ ᠡᠵᠡᠯᠡᠨ᠂ ᠬᠠᠨᠳᠤᠭᠰᠠᠨ ᠵᠦᠭ ᠲᠦ᠍ ᠳᠠᠢᠰᠤᠨ ᠦᠭᠡᠢ᠂ ᠬᠠᠮᠤᠭ ᠨᠤᠲᠤᠭ ᠪᠡᠯᠴᠢᠭᠡᠷ᠂ ᠬᠥᠮᠦᠨ ᠠᠷᠠᠳ ᠢ᠋ ᠡᠷᠬᠡᠰᠢᠶᠡᠵᠡᠢ᠃ ᠴᠢᠨᠠᠭᠰᠢᠯᠠᠭᠠᠳ ᠲᠡᠭᠦᠨ ᠦ᠌ ᠬᠣᠢᠴᠢᠰ ᠵᠡᠭᠦᠨᠰᠢ ᠳᠠᠯᠠᠢᠨ ᠪᠠᠷᠠᠭᠤᠨᠰᠢ ᠴᠣᠬᠢᠵᠤ᠂ ᠬᠢᠲᠠᠳ ᠣᠷᠣᠨ ᠢ᠋ ᠡᠵᠡᠯᠡᠵᠦ᠂ ᠧᠦ᠋ᠷᠣᠫᠠ ᠳ᠋ᠤ᠌ ᠲᠦᠷᠢᠨ ᠣᠷᠣᠵᠤ᠂ ᠳᠥᠴᠢ ᠢᠯᠡᠭᠦᠦ ᠤᠯᠤᠰ ᠣᠷᠣᠨ ᠢ᠋ ᠡᠵᠡᠯᠡᠨ᠂ ᠳᠠᠯᠠᠨ ᠬᠡᠳᠦᠨ ᠦᠨᠳᠦᠰᠦᠲᠡᠨ ᠶᠠᠰᠤᠲᠠᠨ ᠢ᠋ ᠡᠷᠬᠡᠰᠢᠶᠡᠵᠦ᠂ ᠮᠣᠩᠭᠣᠯ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠢ᠋ ᠺᠢᠯᠣᠮᠧᠲ᠋ᠷ ᠢ᠋ᠶ᠋ᠡᠷ ᠪᠢᠰᠢ᠂ ᠤᠷᠲᠤᠷᠢᠭ ᠥᠷᠭᠡᠷᠢᠭ ᠢ᠋ᠶ᠋ᠡᠷ ᠬᠡᠮᠵᠢᠬᠦ ᠪᠣᠯᠵᠤ᠂ ᠮᠣᠩᠭᠣᠯ ᠭᠡᠳᠡᠭ ᠨᠢᠭᠡᠨ ᠨᠡᠷ᠎ᠡ ᠶ᠋ᠢ ᠶᠢᠷᠲᠢᠨᠴᠦ ᠶ᠋ᠢᠨ ᠴᠢᠬᠢᠨ᠎ᠡ ᠳᠠᠭᠤᠷᠢᠰᠤᠭᠤᠯᠵᠤ᠂ ᠠᠷᠪᠠᠨ ᠭᠤᠷᠪᠠᠳᠤᠭᠠᠷ ᠵᠠᠭᠤᠨ ᠨᠢ ᠮᠣᠩᠭᠣᠯ ᠤ᠋ᠨ ᠵᠠᠭᠤᠨ ᠪᠣᠯᠵᠤ ᠲᠡᠦᠬᠡᠨ ᠳ᠋ᠦ᠍ ᠲᠡᠮᠳᠡᠭᠯᠡᠭᠳᠡᠭᠰᠡᠨ ᠪᠢᠯᠡ᠃
ᠭᠡᠪᠡᠴᠦ1368 ᠣᠨ ᠳ᠋ᠤ᠌ ᠶᠡᠬᠡ ᠶᠤᠸᠠᠨ ᠤᠯᠤᠰ ᠤ᠋ᠨ ᠰᠡᠭᠦᠯᠴᠢ ᠶ᠋ᠢᠨ ᠬᠠᠭᠠᠨ ᠲᠣᠭᠣᠨᠲᠡᠮᠦᠷ᠂ ᠵᠣ᠌ ᠶᠤᠸᠠᠨ ᠵᠠᠩ ᠳ᠋ᠤ᠌ ᠬᠥᠭᠡᠭᠡᠭᠳᠡᠵᠦ᠂ ᠮᠣᠩᠭᠣᠯ ᠤ᠋ᠨ ᠥᠨᠳᠥᠷᠯᠢᠭ ᠲᠡᠭᠡᠨ ᠪᠤᠴᠠᠭᠰᠠᠨ ᠤ᠋ ᠬᠣᠢᠨ᠎ᠠ ᠮᠣᠩᠭᠣᠯ ᠬᠥᠮᠦᠨ ᠦ᠌ ᠲᠡᠦᠬᠡᠨ ᠳ᠋ᠦ᠍ ᠵᠠᠭᠤ ᠨᠠᠶᠠᠨ ᠭᠷᠠᠳᠦ᠋ᠰ ᠦ᠋ᠨ ᠡᠷᠭᠢᠯᠲᠡ ᠭᠠᠷᠴᠤ᠂ ᠳᠡᠭᠡᠳᠦᠰ ᠦ᠋ᠨ ᠠᠯᠲᠠᠨ ᠰᠤᠷᠭᠠᠯ ᠠᠷᠤ ᠳ᠋ᠤᠨᠢ ᠬᠠᠶᠠᠭᠳᠠᠵᠤ᠂ ᠥᠪᠡᠷ ᠬᠣᠭᠣᠷᠣᠨᠳᠣ ᠪᠠᠨ ᠲᠡᠮᠡᠴᠡᠵᠦ᠂ ᠨᠢᠭᠡ ᠨᠢᠭᠡ ᠶ᠋ᠢ ᠪᠡᠨ ᠳᠠᠢᠰᠤᠩᠨᠠᠨ᠂ ᠬᠦᠴᠦ ᠲᠡᠩᠬᠡᠭᠡ ᠪᠡᠨ ᠪᠠᠷᠠᠵᠤ᠂ ᠠᠶᠤᠨ ᠰᠦᠷᠳᠡᠵᠦ᠂ ᠭᠠᠢᠬᠠᠨ ᠪᠢᠰᠢᠷᠡᠵᠦ ᠪᠠᠢᠭᠰᠠᠨ ᠥᠭᠡᠷ᠎ᠡ ᠤᠯᠤᠰ ᠦᠨᠳᠦᠰᠦᠲᠡᠨ ᠦ᠌ ᠢᠨᠢᠶᠡᠳᠦᠮ ᠳᠣᠭᠣᠭᠢ ᠪᠣᠯᠵᠤ ᠬᠤᠪᠢᠷᠠᠵᠠᠢ᠃ ᠡᠳᠡᠭᠡᠷ ᠦᠵᠡᠭᠳᠡᠯ ᠨᠢ ᠰᠢᠨ᠎ᠡ ᠪᠡᠷ ᠬᠥᠭᠵᠢᠨ ᠮᠠᠨᠳᠤᠭᠰᠠᠨ ᠮᠠᠨᠵᠤ ᠶ᠋ᠢᠨ ᠬᠠᠭᠠᠳ ᠲᠤ᠌ ᠶᠠᠮᠠᠷ ᠰᠠᠢᠬᠠᠨ ᠠᠵᠠ ᠵᠠᠪᠰᠢᠶᠠᠨ ᠣᠯᠭᠣᠭᠰᠠᠨ ᠢ᠋ ᠪᠤᠤ ᠮᠡᠳᠡ᠃
ᠠᠶᠤᠯᠭᠠᠨ ᠰᠦᠷᠳᠡᠭᠦᠯᠬᠦ᠂ ᠬᠡᠰᠡᠭᠯᠡᠨ ᠵᠠᠯᠭᠢᠬᠤ᠂ ᠡᠷᠬᠢᠮ ᠵᠡᠷᠭᠡ ᠡᠳ᠋ ᠮᠥᠩᠭᠥ ᠪᠡᠷ ᠢᠯᠪᠢᠨ ᠮᠡᠬᠡᠯᠡᠬᠦ᠂ ᠤᠷᠤᠭ ᠬᠤᠷᠢᠮ ᠤ᠋ᠨ ᠪᠠᠷᠢᠯᠳᠤᠯᠭ᠎ᠠ ᠬᠢᠬᠦ᠂ ᠱᠠᠰᠢᠨ ᠰᠤᠷᠲᠠᠬᠤᠨ ᠤ᠋ ᠣᠶᠤᠨ ᠤ᠋ ᠮᠢᠨᠴᠤᠤᠷᠡᠯ ᠶᠠᠪᠤᠭᠤᠯᠬᠤ ᠵᠡᠷᠭᠡ ᠡᠯᠳᠡᠪ ᠠᠷᠭ᠎ᠠ ᠶ᠋ᠢᠨ ᠳ᠋ᠦᠩ ᠳ᠋ᠦ᠍᠂1636 ᠣᠨ ᠤ᠋ ᠥᠪᠥᠷ ᠳᠥᠴᠢ ᠶᠢᠰᠦ ᠶ᠋ᠢᠨ ᠮᠦᠭᠳᠡᠨ ᠳ᠋ᠡᠬᠢ ᠴᠢᠭᠤᠯᠭᠠᠨ᠂ 1691 ᠣᠨ ᠤ᠋ ᠠᠷᠤ ᠬᠠᠯᠬ᠎ᠠ ᠶ᠋ᠢᠨ ᠲᠤᠯᠤᠨ ᠨᠠᠭᠤᠷ ᠳᠠᠬᠢ ᠴᠢᠭᠤᠯᠭᠠᠨ᠂ 1755 ᠣᠨ ᠤ᠋ ᠣᠢᠷᠠᠳ ᠮᠣᠩᠭᠣᠯ ᠤ᠋ᠨ ᠠᠮᠤᠷᠰᠠᠨᠠᠭ᠎ᠠ ᠶ᠋ᠢᠨ ᠢᠯᠠᠭᠳᠠᠯ ᠵᠡᠷᠭᠡ ᠪᠡᠷ ᠮᠠᠭᠤ ᠢᠷᠣ᠎ᠠ ᠶ᠋ᠢᠨ ᠪᠡᠯᠭᠡ ᠲᠡᠮᠳᠡᠭ ᠪᠣᠯᠭᠠᠵᠤ᠂ ᠣᠯᠠᠩᠬᠢ ᠮᠣᠩᠭᠣᠯᠴᠤᠳ ᠮᠠᠨᠵᠤ ᠴᠢᠩ ᠦ᠋ᠨ ᠡᠷᠬᠡᠰᠢᠶᠡᠯ ᠳ᠋ᠦ᠍ ᠣᠷᠣᠵᠤ᠂ ᠠᠷᠤ ᠬᠢᠯᠢ ᠶ᠋ᠢᠨ ᠬᠠᠯᠬᠠᠪᠴᠢ᠂ ᠪᠡᠯᠡᠳᠬᠡᠯ ᠴᠡᠷᠢᠭ ᠦ᠋ᠨ ᠰᠠᠭᠤᠷᠢᠨ ᠪᠣᠯᠪᠠ᠃
ᠮᠠᠨᠵᠤ ᠴᠢᠩ ᠤᠯᠤᠰ ᠲᠤ᠌ ᠨᠣᠶᠠᠯᠠᠭᠳᠠᠭᠰᠠᠨ ᠬᠣᠶᠠᠷ ᠵᠠᠭᠤ ᠭᠠᠷᠤᠢ ᠵᠢᠯ ᠳ᠋ᠦ᠍ ᠮᠣᠩᠭᠣᠯᠴᠤᠳ 《ᠭᠤᠷᠪᠠᠨ ᠰᠥᠭᠥᠳᠦᠯ᠂ ᠶᠢᠰᠦᠨ ᠮᠥᠷᠭᠥᠯ 》 ᠡᠴᠡ ᠥᠭᠡᠷ᠎ᠡ ᠶᠠᠭᠤ ᠴᠤ᠌ ᠬᠢᠭᠰᠡᠨ ᠦᠭᠡᠢ ᠤᠴᠢᠷ ᠠ᠋ᠴᠠ ᠬᠥᠮᠦᠨ ᠠᠮᠠ ᠶ᠋ᠢᠨ ᠥᠰᠦᠯᠲᠡ ᠪᠠᠭᠤᠷᠠᠵᠤ᠂ᠤᠯᠤᠰ ᠲᠥᠷᠥ ᠢᠯᠵᠠᠷᠠᠨ ᠳᠣᠷᠣᠢᠲᠠᠵᠤ᠂ ᠠᠵᠤ ᠠᠬᠤᠢ ᠳᠠᠮᠫᠤᠷᠠᠨ᠂ ᠰᠣᠶᠣᠯ ᠪᠣᠯᠪᠠᠰᠤᠷᠠᠯ ᠬᠣᠴᠣᠷᠤᠨ ᠡᠷᠡᠯᠬᠡᠭ ᠳᠠᠢᠴᠢᠨ ᠵᠣᠷᠢᠭ ᠰᠥᠰᠥ ᠪᠡᠨ ᠠᠯᠳᠠᠵᠤ᠂ ᠤᠭᠰᠠᠭ᠎ᠠ ᠤᠳᠤᠮ ᠤ᠋ᠨ ᠢᠷᠡᠯ ᠭᠠᠷᠤᠯ ᠢ᠋ᠶ᠋ᠠᠨ ᠮᠡᠳᠡᠬᠦ ᠦᠭᠡᠢ ᠪᠣᠯᠵᠤ᠂ ᠪᠤᠷᠬᠠᠨ ᠳ᠋ᠤ᠌ ᠵᠠᠯᠪᠠᠷᠢᠨ᠂ ᠨᠣᠮ ᠤᠩᠰᠢᠭᠰᠠᠭᠠᠷ ᠬᠣᠷᠢᠳᠤᠭᠠᠷ ᠵᠠᠭᠤᠨ ᠢ᠋ ᠤᠭᠲᠤᠵᠠᠢ᠃
ᠬᠣᠷᠢᠳᠤᠭᠠᠷ ᠵᠠᠭᠤᠨ ᠪᠣᠯ ᠳᠡᠯᠡᠬᠡᠢ ᠶ᠋ᠢᠨ ᠲᠡᠦᠬᠡᠨ ᠳᠡᠭᠡᠷ᠎ᠡ ᠬᠠᠮᠤᠭ ᠤ᠋ᠨ ᠶᠡᠬᠡ ᠤᠷᠪᠠᠭᠠᠨ ᠬᠥᠷᠪᠡᠭᠡᠨ ᠲᠡᠢ ᠣᠨᠴᠠᠭᠠᠢ ᠵᠠᠭᠤᠨ ᠮᠥᠨ᠃ ᠳᠡᠯᠡᠬᠡᠢ ᠶ᠋ᠢᠨ ᠬᠦᠴᠦᠷᠬᠡᠭᠴᠢᠳ ᠭᠠᠵᠠᠷ ᠨᠤᠲᠤᠭ᠂ ᠡᠬᠢ ᠪᠠᠶᠠᠯᠢᠭ ᠪᠤᠯᠢᠶᠠᠯᠳᠤᠨ ᠲᠡᠢᠨ ᠦᠢᠮᠡᠭᠡᠨ ᠡᠭᠦᠰᠬᠡᠵᠦ᠂ ᠨᠢᠭᠡ ᠨᠢᠭᠡ ᠶ᠋ᠢ ᠪᠡᠨ ᠬᠢᠵᠠᠭᠠᠷᠯᠠᠵᠤ ᠪᠠᠢᠭᠰᠠᠨ ᠪᠠᠢᠳᠠᠯ ᠢ᠋ ᠠᠰᠢᠭᠯᠠᠨ ᠂ ᠨᠢᠭᠡ ᠪᠦᠯᠦᠭ ᠳᠣᠷᠣᠢ ᠪᠠᠭᠤᠷᠠᠢ ᠦᠨᠳᠦᠰᠦᠲᠡᠨ ᠶᠠᠰᠤᠲᠠᠨ ᠥᠪᠡᠷ ᠦ᠋ᠨ ᠡᠷᠬᠡ ᠴᠢᠯᠥᠭᠡ ᠲᠤᠰᠠᠭᠠᠷ ᠲᠣᠭᠲᠠᠨᠢᠯ ᠤ᠋ᠨ ᠢ᠋ᠶ᠋ᠠᠨ ᠲᠥᠯᠥᠭᠡ ᠲᠡᠮᠡᠴᠡᠵᠦ ᠪᠠᠢᠬᠤ ᠳ᠋ᠤ᠌ ᠮᠣᠩᠭᠣᠯᠴᠤᠳ ᠬᠠᠷᠢᠨ ᠲᠤᠭ ᠨᠣᠢᠷ ᠲᠠᠭᠠᠨ ᠪᠠᠢᠵᠤ᠂ ᠤᠷᠲᠤ ᠭᠡᠵᠢᠭᠡ᠂ ᠣᠲᠣᠭᠲᠣ ᠮᠠᠯᠠᠭᠠᠢ ᠪᠠᠨ ᠡᠷᠬᠢᠮᠯᠡᠵᠦ ᠪᠠᠢᠭᠰᠠᠭᠠᠷ ᠳᠡᠯᠡᠬᠡᠢ ᠶ᠋ᠢᠨ ᠪᠣᠯᠪᠠᠰᠤᠷᠠᠯ ᠠ᠋ᠴᠠ ᠬᠣᠴᠣᠷᠤᠭᠰᠠᠨ ᠶᠤᠮ᠃
ᠴᠢᠩᠭᠢᠰ ᠬᠠᠭᠠᠨ ᠶᠠᠭᠠᠬᠢᠭᠠᠳ ᠲᠡᠢᠮᠦ ᠴᠥᠭᠡᠨ ᠴᠡᠷᠢᠭ ᠢ᠋ᠶ᠋ᠡᠷ ᠲᠡᠢᠮᠦ ᠬᠦᠴᠦᠷᠬᠡᠭ ᠤᠯᠤᠰ ᠣᠷᠣᠨ ᠢ᠋ ᠡᠵᠡᠯᠡᠨ ᠠᠪᠴᠤ ᠴᠢᠳᠠᠭᠰᠠᠨ ᠪᠣᠢ? ᠥᠩᠭᠡᠷᠡᠭᠰᠡᠨ ᠦ᠌ ᠬᠠᠨᠳᠤᠭᠰᠠᠨ ᠵᠦᠭ ᠲᠦ᠍ ᠳᠠᠢᠰᠤᠨ ᠦᠭᠡᠢ᠂ ᠪᠦᠬᠦ ᠠᠷᠠᠳ ᠢ᠋ᠶ᠋ᠠᠷ ᠢ᠋ᠶ᠋ᠠᠨ ᠴᠡᠷᠢᠭᠵᠢᠭᠰᠡᠨ ᠨᠡᠭᠦᠳᠡᠯᠴᠢᠨ ᠦᠨᠳᠦᠰᠦᠲᠡᠨ ᠣᠳᠣ ᠶᠠᠭᠠᠬᠢᠭᠠᠳ ᠡᠢᠮᠦ ᠨᠣᠮᠣᠢ ᠳᠣᠷᠣᠢ ᠪᠣᠯᠵᠤ ᠬᠣᠴᠣᠷᠤᠭᠰᠠᠨ ᠪᠣᠢ? ᠭᠡᠳᠡᠭ ᠣᠯᠠᠨ ᠠᠰᠠᠭᠤᠯᠲᠠ ᠭᠠᠷᠴᠤ ᠢᠷᠡᠬᠦ ᠳ᠋ᠦ᠍᠂ ᠠᠷᠪᠠ ᠶᠢᠰᠦᠳᠦᠭᠡᠷ ᠵᠠᠭᠤᠨ ᠤ᠋ ᠰᠡᠭᠦᠯᠴᠢ ᠬᠣᠷᠢᠳᠤᠭᠠᠷ ᠵᠠᠭᠤᠨ ᠤ᠋ ᠡᠬᠢᠨ ᠳ᠋ᠦ᠍ ᠣᠯᠠᠨ ᠤᠯᠤᠰ ᠤ᠋ᠨ ᠡᠷᠳᠡᠮᠲᠡᠨ ᠮᠡᠷᠭᠡᠳ᠂ ᠤᠯᠤᠰ ᠲᠦᠷᠦᠴᠢ ᠨᠠᠷ《ᠭᠠᠢᠬᠠᠬᠤ᠂ ᠪᠢᠰᠢᠷᠡᠬᠦ᠂ ᠬᠣᠷᠣᠰᠬᠤ᠂ ᠬᠥᠭᠡᠷᠦᠬᠦᠢᠯᠡᠬᠦ》 ᠡᠭᠦᠳᠡᠨ ᠡᠴᠡ ᠡᠨᠡᠬᠦ ᠦᠨᠳᠦᠰᠦᠲᠡᠨ ᠦ᠌ ᠲᠡᠦᠬᠡ ᠰᠣᠶᠣᠯ ᠣᠯᠠᠨ ᠤᠯᠤᠰ ᠤ᠋ᠨ ᠰᠤᠳᠤᠯᠭᠠᠨ ᠤ᠋ ᠬᠦᠷᠢᠶ᠎ᠡ ᠬᠡᠪᠴᠢᠶᠡᠨ ᠳ᠋ᠦ᠍ ᠣᠷᠣᠵᠤ᠂ ᠳᠡᠯᠡᠬᠡᠢ ᠨᠡᠢᠲᠡ ᠶ᠋ᠢᠨ ᠠᠩᠬᠠᠷᠤᠯ ᠢ᠋ ᠲᠠᠲᠠᠵᠠᠢ᠃
ᠣᠳᠣ ᠳᠡᠯᠡᠬᠡᠢ ᠳᠡᠭᠡᠷ᠎ᠡ ᠳᠥᠴᠢ ᠭᠠᠷᠤᠢ ᠬᠥᠭᠵᠢᠭᠰᠡᠨ ᠤᠯᠤᠰ ᠭᠦᠷᠦᠨ ᠦ᠌ ᠬᠣᠶᠠᠷ ᠵᠠᠭᠤ ᠭᠠᠷᠤᠢ ᠪᠠᠢᠭᠤᠯᠤᠯᠭ᠎ᠠ ᠨᠢᠭᠡᠴᠢ ᠶ᠋ᠢᠨ ᠬᠣᠶᠠᠷ ᠲᠦᠮᠡ ᠰᠢᠬᠠᠮ ᠡᠷᠳᠡᠮᠲᠡᠨ ᠮᠡᠷᠭᠡᠳ ᠮᠣᠩᠭᠣᠯ ᠤ᠋ᠨ ᠲᠡᠦᠬᠡ ᠰᠤᠳᠤᠯᠤᠯᠭ᠎ᠠ ᠬᠢᠵᠦ ᠵᠣᠬᠢᠬᠤ ᠦᠷ᠎ᠡ ᠪᠦᠲᠦᠭᠡᠯ ᠭᠠᠷᠭᠠᠵᠠᠢ ᠃ ᠭᠡᠪᠡᠴᠦ ᠡᠳᠡᠭᠡᠷ ᠦ᠋ᠨ ᠳᠣᠲᠣᠷᠠᠬᠢ ᠨᠢᠭᠡ ᠪᠦᠯᠦᠭ ᠲᠡᠦᠬᠡ ᠪᠢᠴᠢᠯᠭᠡ ᠨᠢ ᠠᠰᠢᠭᠯᠠᠭᠰᠠᠨ ᠮᠠᠲ᠋ᠧᠷᠢᠶᠠᠯ ᠨᠢ ᠪᠣᠳᠠᠲᠠᠢ ᠪᠢᠰᠢ ᠪᠤᠶᠤ ᠵᠣᠭᠰᠣᠴᠠ ᠨᠢ ᠠᠳᠠᠯᠢ ᠦᠭᠡᠢ ᠡᠴᠡ ᠪᠣᠯᠵᠤ ᠲᠡᠦᠬᠡ ᠶ᠋ᠢᠨ ᠬᠡᠷᠡᠭ ᠤᠴᠢᠷ ᠢ᠋ ᠭᠠᠵᠢᠭᠤᠳᠠᠭᠤᠯᠤᠭᠰᠠᠨ ᠶᠠᠪᠤᠳᠠᠯ ᠪᠠᠢᠨ᠎ᠠ᠃
ᠳᠡᠭᠡᠳᠦᠰ ᠦ᠋ᠨ ᠤᠯᠠ ᠮᠥᠷ ᠢ᠋ ᠮᠥᠰᠬᠢᠵᠦ᠂ ᠲᠡᠳᠡᠨ ᠦ᠌ ᠲᠤᠷᠰᠢᠯᠭ᠎ᠠ ᠰᠤᠷᠭᠠᠮᠵᠢ ᠶ᠋ᠢ ᠳ᠋ᠦᠩᠨᠡᠨ᠂ ᠣᠳᠣᠬᠢ ᠬᠥᠮᠦᠰ ᠲᠦ᠍ ᠲᠣᠯᠢ ᠪᠣᠯᠭᠠᠬᠤ ᠨᠢ ᠲᠡᠦᠬᠡ ᠰᠤᠳᠤᠯᠭᠠᠨ ᠤ᠋ ᠭᠣᠣᠯ ᠵᠣᠷᠢᠯᠲᠠ ᠮᠥᠨ᠃ ᠨᠢᠭᠡ ᠦᠨᠳᠦᠰᠦᠲᠡᠨ ᠦ᠌ ᠲᠡᠦᠬᠡ ᠶ᠋ᠢ ᠰᠤᠳᠤᠯᠬᠤ ᠳ᠋ᠤ᠌ ᠲᠡᠳᠡᠨ ᠦ᠌ ᠠᠮᠢᠳᠤᠷᠠᠯ ᠳ᠋ᠤ᠌ ᠭᠦᠨᠵᠡᠭᠡᠢᠷᠡᠵᠦ᠂ ᠲᠡᠳᠡᠨ ᠢ᠋ ᠦᠷᠦ ᠡᠪᠡᠳᠬᠦ ᠰᠡᠳᠬᠢᠯᠭᠡ ᠡᠭᠦᠰᠬᠦ ᠦᠭᠡᠢ ᠪᠣᠯ ᠵᠢᠩᠬᠢᠨᠢ ᠦᠨᠡᠨ ᠪᠣᠳᠠᠲᠠᠢ ᠲᠡᠦᠬᠡᠨ ᠲᠡᠮᠳᠡᠭᠯᠡᠯ ᠪᠣᠢ ᠪᠣᠯᠵᠤ ᠴᠢᠳᠠᠬᠤ ᠦᠭᠡᠢ ᠶᠦᠮ᠃
ᠶᠠᠭ ᠡᠳᠡᠭᠡᠷ ᠵᠦᠢᠯ ᠦ᠋ᠨ ᠣᠯᠠᠨ ᠰᠢᠯᠲᠠᠭᠠᠨ ᠠ᠋ᠴᠠ ᠡᠭᠦᠰᠴᠦ ᠮᠠᠨ ᠤ᠋ ᠺᠣᠮᠫᠠᠨᠢ ᠶᠡᠬᠡ ᠬᠡᠮᠵᠢᠶᠡᠨ ᠦ᠌ ᠣᠶᠤᠨ ᠤ᠋ ᠬᠦᠴᠦᠨ᠂ ᠡᠳ᠋ ᠦ᠋ᠨ ᠬᠦᠴᠦᠨ ᠢ᠋ ᠵᠠᠷᠤᠴᠠᠭᠤᠯᠵᠤ᠂ ᠨᠡᠯᠢᠶᠡᠳ ᠦᠨᠡᠨ ᠪᠣᠳᠠᠲᠠᠢ ᠶ᠋ᠢ ᠳᠤᠰᠬᠠᠯᠠ ᠭᠡᠵᠦ ᠦᠵᠡᠭᠰᠡᠨ ᠨᠢᠭᠡ ᠪᠦᠯᠦᠭ ᠲᠡᠦᠬᠡ ᠪᠢᠴᠢᠯᠭᠡ ᠶ᠋ᠢ ᠬᠡᠪᠯᠡᠭᠦᠯᠦᠨ ᠲᠠᠨᠠᠷ ᠤ᠋ᠨ ᠨᠢᠳᠦᠨ ᠮᠡᠯᠮᠡᠢ ᠶ᠋ᠢᠨ ᠡᠮᠦᠨ᠎ᠡ ᠳᠡᠯᠭᠡᠬᠦ ᠪᠡᠷ ᠪᠣᠯᠤᠯ᠎ᠠ᠃ ᠥᠴᠦᠬᠡᠨ ᠴᠠᠭ ᠢ᠋ ᠵᠠᠷᠤᠴᠠᠭᠤᠯᠵᠤ ᠤᠩᠰᠢᠬᠤ ᠪᠣᠯᠪᠠᠤ!
ᠬᠥᠮᠦᠨ ᠭᠡᠵᠦ ᠪᠠᠢᠭᠠᠳ ᠢᠷᠡᠯ ᠭᠠᠷᠤᠯ ᠢ᠋ᠶ᠋ᠠᠨ ᠮᠡᠳᠡᠬᠦ ᠦᠭᠡᠢ ᠪᠣᠯ ᠠᠳᠤᠭᠤᠰᠤ ᠮᠠᠯ ᠠ᠋ᠴᠠ ᠢᠯᠭᠠᠭᠳᠠᠬᠤ ᠥᠭᠡᠷ᠎ᠡ ᠶᠠᠭᠤ ᠪᠠᠢᠬᠤ ᠪᠣᠢ? ᠭᠡᠵᠦ ᠶᠡᠬᠡ ᠵᠣᠬᠢᠶᠠᠯᠴᠢ ᠢᠨᠵᠠᠨᠨᠠᠰᠢ ᠬᠡᠯᠡᠭᠰᠡᠨ ᠪᠠᠢᠳᠠᠭ᠃ ᠦᠨᠳᠦᠰᠦᠲᠡᠨ ᠢ᠋ᠶ᠋ᠡᠨ ᠭᠡᠵᠦ ᠪᠣᠳᠣᠬᠤ ᠳ᠋ᠠᠭᠠᠨ᠂ ᠨᠤᠲᠤᠭ ᠤᠰᠤ ᠪᠠᠨ ᠭᠡᠵᠦ ᠰᠠᠨᠠᠬᠤ ᠳ᠋ᠠᠭᠠᠨ᠂ ᠬᠥᠭᠡᠷᠦᠬᠦᠢᠯᠡᠯᠲᠡᠢ ᠬᠡᠳᠦᠨ ᠮᠣᠩᠭᠣᠯᠴᠤᠳ ᠲᠠᠭᠠᠨ ᠲᠡᠦᠬᠡ ᠰᠤᠳᠤᠷ ᠢ᠋ ᠨᠢ ᠮᠡᠳᠡᠭᠦᠯᠦᠶ᠎ᠡ ᠭᠡᠰᠡᠨ ᠡᠭᠦᠳᠡᠨ ᠡᠴᠡ ᠴᠢᠭᠯᠡᠭᠳᠡᠭᠰᠡᠨ ᠠᠵᠢᠯ ᠦᠢᠯᠡᠰ ᠢ᠋ ᠮᠠᠨᠢ ᠵᠥᠪ ᠣᠢᠯᠭᠠᠬᠤ ᠪᠣᠯᠪᠠᠤ?
ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ ᠃ ᠬᠤᠷᠤᠢ! ᠬᠤᠷᠤᠢ! ᠬᠤᠷᠤᠢ!
ᠬᠥᠬᠡᠬᠣᠲᠠ ᠶ᠋ᠢᠨ ᠬᠠᠨ ᠭᠠᠷᠤᠳᠢ ᠰᠣᠶᠣᠯ ᠨᠣᠮ ᠤ᠋ᠨ ᠺᠣᠮᠫᠠᠨᠢ ᠠ᠋ᠴᠠ
2011 ᠣᠨ ᠤ᠋1 ᠰᠠᠷ᠎ᠠ
