ᠬᠠᠢᠷ᠎ᠠ ᠶ᠋ᠢᠨ ᠳᠡᠭᠡᠳᠦ ᠪᠡᠷ-ᠠᠯᠲᠠᠨᠲᠦᠯᠬᠢᠭᠦᠷKhairyn deedeer-AltantülkhüürХайрын дээдээр-Алтантүлхүүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠳᠡᠭᠡᠳᠦ ᠪᠡᠷ-ᠠᠯᠲᠠᠨᠲᠦᠯᠬᠢᠭᠦᠷKhairyn deedeer-AltantülkhüürХайрын дээдээр-Алтантүлхүүр

ᠬᠠᠢᠷ᠎ᠠ ᠶ᠋ᠢᠨ ᠳᠡᠭᠡᠳᠦ ᠪᠡᠷ-ᠠᠯᠲᠠᠨᠲᠦᠯᠬᠢᠭᠦᠷKhairyn deedeer-AltantülkhüürХайрын дээдээр-Алтантүлхүүр

ᠠᠩᠭᠢᠯᠠᠯ:ᠳᠠᠭᠤᠤ ᠬᠥᠭᠵᠢᠮ
2026-05-31

2829

ᠬᠠᠢᠷ᠎ᠠ ᠶ᠋ᠢᠨ ᠳᠡᠭᠡᠳᠦ ᠪᠡᠷ


       ᠦᠭᠡ᠄ ᠨ᠂ ᠮᠢᠨᠵᠢᠨᠰᠠᠢᠬᠠᠨ 
       ᠠᠶ᠎ᠠ᠄ ᠪ᠊᠂ ᠮᠥᠩᠬᠡᠵᠢᠷᠭᠠᠯ 
       ᠳᠠᠭᠤᠴᠢᠨ᠄ ᠠᠯᠲᠠᠨᠳᠥ᠋ᠯᠬᠢᠭᠦᠷ 

ᠠᠩᠭᠢᠷ ᠰᠢᠷᠭᠠᠯ ᠨᠠᠮᠤᠷ ᠤ᠋ᠨ ᠲᠩᠷᠢ ᠳ᠋ᠦ᠍ 
ᠡᠷᠬᠡᠯᠡᠨ ᠳᠡᠭᠦᠯᠢᠭᠰᠡᠨ ᠰᠢᠪᠠᠭᠤᠬᠠᠢ ᠪᠢ 
ᠠᠯᠠᠭᠠᠨ ᠳᠡᠭᠡᠷ᠎ᠡ ᠴᠢᠨᠢ ᠵᠥᠭᠡᠯᠡᠨ ᠪᠠᠭᠤᠭᠰᠠᠨ 
ᠠᠯᠴᠢᠭᠤᠷ ᠴᠠᠭᠠᠨ ᠰᠡᠳᠬᠢᠯ ᠪᠢ 
ᠬᠠᠢᠷᠠᠲᠤ ᠮᠢᠨᠢ ᠪᠢ ᠴᠢᠮ᠎ᠠ ᠳ᠋ᠠᠭᠠᠨ 
ᠶᠠᠭᠠᠷᠠᠨ ᠶᠠᠭᠠᠷᠠᠨ ᠢᠷᠡᠭᠰᠡᠨ 
ᠬᠠᠢᠷᠠᠲᠤ ᠮᠢᠨᠢ ᠴᠢ ᠨᠠᠮ᠎ᠠ ᠪᠠᠨ 
ᠬᠠᠢᠷ᠎ᠠ ᠶ᠋ᠢᠨ ᠳᠡᠭᠡᠳᠦ ᠪᠡᠷ ᠬᠠᠢᠷᠠᠯᠠᠭᠠᠷᠠᠢ
ᠬᠠᠢᠷᠠᠯᠠᠭᠠᠷᠠᠢ᠁

ᠰᠤᠯᠠ ᠭᠠᠩᠭᠠᠩ ᠴᠡᠴᠡᠭ ᠦ᠋ᠨ ᠳᠡᠯᠪᠢᠭᠡᠨ ᠳ᠋ᠦ᠍
ᠰᠤᠪᠤᠳᠷᠠᠨ ᠤᠨᠠᠭᠰᠠᠨ ᠰᠢᠭᠦᠳᠡᠷᠢ ᠪᠢ
ᠠᠶᠠᠯᠤᠭᠰᠠᠨ ᠳᠠᠭᠤᠨ ᠤ᠋ ᠴᠢᠨᠢ ᠠᠶᠠᠰ ᠢ᠋ᠶ᠋ᠠᠷ ᠵᠠᠳᠠᠷᠠᠭᠰᠠᠨ
ᠠᠮᠠᠷᠠᠭ ᠲᠣᠷᠭᠠᠨ ᠰᠠᠯᠬᠢᠨ ᠪᠢ
ᠬᠠᠢᠷᠠᠲᠤ ᠮᠢᠨᠢ ᠪᠢ ᠴᠢᠮ᠎ᠠ ᠳ᠋ᠠᠭᠠᠨ
ᠶᠠᠭᠠᠷᠠᠨ ᠶᠠᠭᠠᠷᠠᠨ ᠢᠷᠡᠭᠰᠡᠨ
ᠬᠠᠢᠷᠠᠲᠤ ᠮᠢᠨᠢ ᠴᠢ ᠨᠠᠮ᠎ᠠ ᠪᠠᠨ
ᠬᠠᠢᠷ᠎ᠠ ᠶ᠋ᠢᠨ ᠳᠡᠭᠡᠳᠦ ᠪᠡᠷ ᠬᠠᠢᠷᠠᠯᠠᠭᠠᠷᠠᠢ
ᠬᠠᠢᠷᠠᠯᠠᠭᠠᠷᠠᠢ᠁

ᠬᠠᠪᠤᠷ ᠬᠠᠪᠤᠷ ᠤ᠋ᠨ ᠲᠠᠩᠬᠢᠯ ᠰᠠᠷ᠎ᠠ ᠳ᠋ᠤ᠌ ᠨᠢ
ᠬᠠᠮᠤᠭ ᠤ᠋ᠨ ᠡᠷᠲᠡ ᠳᠡᠯᠭᠡᠷᠡᠭᠰᠡᠨ ᠪᠢ
ᠬᠠᠮᠢᠭ᠎ᠠ ᠴᠣ ᠬᠦᠷᠦᠭᠰᠡᠨ ᠬᠠᠮᠲᠤ ᠳ᠋ᠠᠭᠠᠨ ᠨᠢᠰᠬᠦ ᠪᠡᠷ
ᠬᠠᠯᠢᠬᠤ ᠵᠢᠭᠦᠷ ᠢ᠋ᠶ᠋ᠡᠨ ᠳᠡᠯᠭᠡᠭᠰᠡᠨ ᠪᠢ
ᠬᠠᠢᠷᠠᠲᠤ ᠮᠢᠨᠢ ᠪᠢ ᠴᠢᠮ᠎ᠠ ᠳ᠋ᠠᠭᠠᠨ
ᠶᠠᠭᠠᠷᠠᠨ ᠶᠠᠭᠠᠷᠠᠨ ᠢᠷᠡᠭᠰᠡᠨ
ᠬᠠᠢᠷᠠᠲᠤ ᠮᠢᠨᠢ ᠴᠢ ᠨᠠᠮ᠎ᠠ ᠪᠠᠨ
ᠬᠠᠢᠷ᠎ᠠ ᠶ᠋ᠢᠨ ᠳᠡᠭᠡᠳᠦ ᠪᠡᠷ ᠬᠠᠢᠷᠠᠯᠠᠭᠠᠷᠠᠢ
ᠬᠠᠢᠷᠠᠯᠠᠭᠠᠷᠠᠢ᠁
ᠬᠠᠢᠷᠠᠲᠤ ᠮᠢᠨᠢ ᠪᠢ ᠴᠢᠮ᠎ᠠ ᠳ᠋ᠠᠭᠠᠨ
ᠶᠠᠭᠠᠷᠠᠨ ᠶᠠᠭᠠᠷᠠᠨ ᠢᠷᠡᠭᠰᠡᠨ
ᠬᠠᠢᠷᠠᠲᠤ ᠮᠢᠨᠢ ᠴᠢ ᠨᠠᠮ᠎ᠠ ᠪᠠᠨ
ᠬᠠᠢᠷ᠎ᠠ ᠶ᠋ᠢᠨ ᠳᠡᠭᠡᠳᠦ ᠪᠡᠷ ᠬᠠᠢᠷᠠᠯᠠᠭᠠᠷᠠᠢ
ᠬᠠᠢᠷᠠᠯᠠᠭᠠᠷᠠᠢ᠁

      ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ