ᠰᠡᠳᠬᠢᠯ ᠦ᠋ᠨ ᠢᠯᠴᠢ - ᠬᠡᠦᠬᠡᠳ ᠦ᠋ᠨ ᠦᠯᠢᠭᠡᠷ Setgeliin ilchСэтгэлийн илч-Хүүхдийн үлгэр
ᠰᠡᠳᠬᠢᠯ ᠦ᠋ᠨ ᠢᠯᠴᠢ
ᠬᠡᠦᠬᠡᠳ ᠦ᠋ᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠨᠢᠭᠡᠨ ᠥᠨᠳᠥᠷ ᠬᠠᠢᠷᠬᠠᠨ ᠠᠭᠤᠯᠠ ᠶ᠋ᠢᠨ ᠪᠠᠯ ᠳ᠋ᠤ᠌ ᠭᠠᠭᠴᠠ ᠪᠡᠶ᠎ᠡ ᠨᠠᠰᠤᠲᠠᠢ ᠡᠮᠧ ᠠᠵᠤ ᠲᠥᠷᠥᠨ ᠰᠠᠭᠤᠳᠠᠭ ᠪᠠᠢᠵᠠᠢ᠃
ᠲᠡᠭᠡᠲᠡᠯ᠎ᠡ ᠲᠡᠷᠡ ᠨᠤᠲᠤᠭ ᠲᠤ᠌ ᠵᠤᠳ ᠲᠡᠷᠡᠬᠡᠨ ᠪᠣᠯᠵᠤ᠂ ᠣᠢᠷ᠎ᠠ ᠬᠠᠪᠢ ᠶ᠋ᠢᠨ ᠠᠢᠯ ᠠᠮᠢᠲᠠᠨ ᠨᠤᠲᠤᠭ ᠰᠡᠯᠪᠢᠨ ᠨᠡᠭᠦᠴᠢᠬᠡᠵᠡᠢ᠂ ᠬᠠᠷᠢᠨ ᠬᠥᠭᠡᠷᠦᠬᠦᠢ ᠡᠮᠡᠭᠡᠨ ᠬᠠᠷ᠎ᠠ ᠪᠠᠭ᠎ᠠ ᠠ᠋ᠴᠠ ᠳᠠᠬᠢᠨ ᠰᠢᠲᠦᠵᠦ ᠲᠣᠭᠣᠷᠢᠨ ᠨᠡᠭᠦᠳᠡᠯᠯᠡᠵᠦ ᠢᠷᠡᠭᠰᠡᠨ ᠪᠣᠯᠬᠣᠷ ᠬᠠᠢᠷᠬᠠᠨ ᠠᠭᠤᠯᠠ ᠪᠠᠨ ᠣᠷᠬᠢᠵᠤ ᠴᠢᠳᠠᠯᠭᠦᠢ ᠭᠠᠭᠴᠠᠭᠠᠷ ᠬᠣᠴᠣᠷᠵᠠᠢ ᠭᠡᠨ᠎ᠡ᠃ ᠴᠠᠰᠤᠨ ᠰᠢᠮᠠᠷᠭ᠎ᠠ ᠬᠠᠶᠠᠯᠠᠭᠰᠠᠨ ᠡᠪᠦᠯ ᠦ᠋ᠨ ᠨᠢᠭᠡᠨ ᠦᠳᠡᠰᠢ ᠡᠮᠡᠭᠡᠨ ᠦᠯᠡᠳᠡᠭᠰᠡᠨ ᠵᠢᠭᠠᠬᠠᠨ ᠠᠷᠭᠠᠯ ᠢ᠋ᠶ᠋ᠠᠨ ᠲᠦᠯᠡᠨ ᠬᠠᠢᠷᠬᠠᠨ ᠠᠭᠤᠯᠠᠨ ᠳ᠋ᠠᠭᠠᠨ ᠵᠠᠯᠪᠠᠷᠢᠨ ᠰᠠᠭᠤᠵᠤ ᠪᠠᠢᠯ᠎ᠠ᠃
ᠲᠠ ᠠᠮᠤᠷ ᠰᠠᠢᠨ ᠪᠠᠢᠨ᠎ᠠ ᠤᠤ!
ᠰᠠᠢᠨ ᠬᠦᠦ ᠮᠢᠨᠢ᠂ ᠬᠠᠪᠢ ᠣᠢᠷ᠎ᠠ ᠳ᠋ᠤ᠌ ᠠᠢᠯ ᠠᠮᠢᠲᠠᠨ ᠦᠭᠡᠢ ᠪᠠᠢᠬᠤ ᠳ᠋ᠤ᠌ ᠬᠠᠬᠢᠷ ᠡᠪᠦᠯ ᠦ᠋ᠨ ᠬᠦᠢᠲᠡᠨ ᠰᠥᠨᠢ ᠬᠠᠮᠢᠭᠠᠭᠤᠷ ᠴᠤ᠌ ᠶᠠᠪᠤᠭ᠎ᠠ ᠬᠦᠦ ᠪᠣᠢ?
ᠢᠵᠢᠢ ᠮᠢᠨᠢ᠂ ᠪᠢ ᠠᠢᠯ ᠡᠷᠢᠯᠴᠢᠨ ᠬᠥᠮᠦᠨ ᠠᠮᠢᠲᠠᠨ ᠳ᠋ᠤ᠌ ᠵᠠᠷᠤᠭᠳᠠᠵᠤ ᠪᠣᠷᠣ ᠬᠣᠳᠣᠭᠣᠳᠣ ᠪᠠᠨ ᠪᠣᠷᠣᠯᠠᠭᠤᠯᠵᠤ ᠶᠠᠪᠤᠳᠠᠭ ᠬᠥᠮᠦᠨ ᠳᠡ!
ᠡᠪᠡᠢ ᠬᠦᠦ ᠮᠢᠨᠢ᠂ ᠨᠠᠭᠠᠰᠢ ᠪᠠᠨ ᠰᠠᠭᠤᠵᠤ ᠭᠠᠯ ᠤ᠋ᠨ ᠢᠯᠴᠢᠨ ᠳ᠋ᠦ᠍ ᠳᠤᠯᠠᠭᠠᠴᠠ ᠳᠠ!
ᠢᠵᠢᠢ ᠮᠢᠨᠢ ᠲᠠ ᠶᠠᠭᠠᠬᠢᠭᠠᠳ ᠬᠥᠮᠦᠨ ᠠᠮᠢᠲᠠᠨ ᠦᠭᠡᠢ ᠵᠤᠳ ᠪᠣᠯᠤᠭᠰᠠᠨ ᠡᠨᠡ ᠨᠤᠲᠤᠭ ᠲᠤ᠌ ᠭᠠᠭᠴᠠᠭᠠᠷ ᠢ᠋ᠶ᠋ᠠᠨ ᠡᠪᠦᠯᠵᠢᠵᠦ ᠪᠠᠢᠭ᠎ᠠ ᠶᠤᠮ ᠪᠣᠢ?
ᠲᠠ ᠤᠷᠢᠨ ᠳᠤᠯᠠᠭᠠᠨ ᠪᠣᠯᠲᠠᠯ᠎ᠠ ᠠᠢᠯ ᠠᠮᠢᠲᠠᠨ ᠪᠠᠷᠠᠳᠠᠪᠠᠯ ᠶᠠᠭᠠᠬᠢᠭᠰᠠᠨ ᠶᠤᠮ ᠪᠣᠢ!
ᠥᠷᠯᠥᠭᠡ ᠪᠢ ᠮᠥᠷᠳᠡᠭᠡᠳ ᠥᠭᠬᠦ ᠤᠤ?
ᠦᠭᠡᠢ ᠳᠡ ᠬᠦᠦ ᠮᠢᠨᠢ! ᠢᠷᠡᠬᠦ ᠳᠥᠷᠪᠡᠨ ᠤᠯᠠᠷᠢᠯ ᠳ᠋ᠤ᠌ ᠡᠨᠡ ᠯᠡ ᠬᠠᠢᠷᠬᠠᠨ ᠠ᠋ᠴᠠ ᠨᠠᠷᠠᠨ ᠵᠦᠭ ᠲᠣᠭᠣᠷᠢᠨ ᠨᠡᠭᠦᠳᠡᠯᠯᠡᠵᠦ ᠡᠳᠦᠢ ᠨᠠᠰᠤᠯᠠᠭᠰᠠᠨ ᠠ᠋᠂ ᠠᠭᠤᠯᠠ ᠤᠰᠤ ᠪᠠᠨ ᠪᠠᠷᠠᠳᠠᠭᠠᠳ ᠰᠠᠭᠤᠬᠤ ᠳ᠋ᠤ᠌ ᠡᠵᠢ ᠨᠢ ᠠᠯᠵᠠᠬᠤ ᠦᠭᠡᠢ᠂ ᠬᠠᠷᠢᠨ ᠬᠦᠦ ᠮᠢᠨᠢ ᠴᠢ ᠬᠣᠯᠠ ᠠ᠋ᠴᠠ ᠢᠷᠡᠭᠰᠡᠨ ᠬᠥᠮᠦᠨ ᠪᠠᠢᠨ᠎ᠠ᠂ ᠥᠯᠥᠰᠴᠦ ᠶᠠᠳᠠᠷᠠᠭ᠎ᠠ ᠪᠠᠢᠯᠭᠦᠢ ᠂ ᠲᠡᠷᠡ ᠬᠣᠢᠮᠣᠷ ᠤ᠋ᠨ ᠠᠪᠳᠠᠷ᠎ᠠ ᠳ᠋ᠤ᠌ ᠵᠢᠭᠠᠬᠠᠨ ᠪᠤᠳᠠᠭ᠎ᠠ ᠪᠣᠢ᠂ ᠴᠢᠨᠠᠭᠠᠳ ᠢᠳᠡ ᠳᠠ ᠠ᠋!
ᠢᠵᠢᠢ ᠮᠢᠨᠢ ᠳᠡ ᠠ᠋᠂ ᠡᠨᠡ ᠴᠢᠨᠢ ᠲᠤᠩ ᠵᠢᠭᠠᠬᠠᠨ ᠪᠤᠳᠠᠭ᠎ᠠ ᠦᠯᠡᠳᠡᠭᠰᠡᠨ ᠪᠠᠢᠨ᠎ᠠ ᠰᠢᠳᠡ!
ᠵᠦᠭᠡᠷ ᠠ᠋ ᠬᠦᠦ ᠮᠢᠨᠢ᠂ ᠪᠢ ᠶᠠᠮᠠᠷ ᠶᠠᠭᠤᠮ᠎ᠠ ᠢᠳᠡᠵᠦ ᠴᠢᠳᠠᠬᠤ ᠪᠢᠰᠢ ᠳᠡ᠃
ᠵᠠ ᠵᠠ ᠲᠡᠭᠡᠪᠡᠯ ᠬᠣᠶᠠᠭᠤᠯᠠ ᠪᠠᠨ ᠪᠤᠳᠠᠭ᠎ᠠ ᠪᠠᠨ ᠬᠤᠪᠢᠶᠠᠭᠠᠳ ᠢᠳᠡᠶ᠎ᠡ ᠳᠡ!
ᠪᠢ ᠭᠠᠷᠤᠭᠠᠳ ᠠᠷᠭᠠᠯ ᠣᠷᠣᠭᠤᠯᠤᠭᠠᠳ ᠢᠷᠡᠶ᠎ᠡ!
ᠹᠦ ᠹᠦ ᠹᠦ ᠂ ᠵᠠ ᠢᠵᠢᠢ ᠮᠢᠨᠢ ᠰᠠᠢᠨ ᠰᠠᠭᠤᠵᠤ ᠪᠠᠢᠭᠠᠷᠠᠢ᠂ ᠪᠢ ᠣᠳᠣ ᠢᠩᠭᠢᠭᠡᠳ ᠶᠠᠪᠤᠶ᠎ᠠ᠂ ᠬᠠᠷᠢᠨ ᠡᠨᠡ ᠭᠠᠯ ᠬᠠᠪᠤᠷ ᠪᠣᠯᠲᠠᠯ᠎ᠠ ᠤᠨᠲᠠᠷᠠᠯ ᠦᠭᠡᠢ ᠠᠰᠠᠬᠤ ᠪᠣᠯᠲᠤᠭᠠᠢ!
ᠰᠠᠢᠨ ᠶᠠᠪᠤᠭᠠᠷᠠᠢ ᠬᠦᠦ ᠮᠢᠨᠢ!
ᠲᠡᠷᠡ ᠰᠥᠨᠢ ᠳ᠋ᠡᠭᠡᠨ ᠡᠮᠡᠭᠡᠨ ᠦ᠌ ᠪᠣᠷᠣ ᠭᠡᠷ ᠤᠷᠢᠳᠤ ᠤᠷᠢᠳᠤ ᠶ᠋ᠢᠨ ᠬᠢ ᠡᠴᠡ ᠢᠯᠡᠭᠦᠦ ᠳᠤᠯᠠᠭᠠᠬᠠᠨ ᠬᠣᠨᠣᠵᠠᠢ ᠭᠡᠨ᠎ᠡ᠃
ᠢᠵᠢᠢ ᠮᠢᠨᠢ ᠪᠢ ᠲᠠᠨ ᠤ᠋ ᠳᠠᠬᠢᠨ ᠰᠢᠲᠦᠵᠦ ᠶᠠᠪᠤᠳᠠᠭ ᠬᠠᠢᠷᠬᠠᠨ ᠠᠭᠤᠯᠠ ᠶ᠋ᠢᠨ ᠰᠠᠪᠳᠠᠭ ᠪᠢᠯᠡ᠂ ᠡᠬᠡ ᠨᠤᠲᠤᠭ ᠢ᠋ᠶ᠋ᠠᠨ ᠭᠡᠰᠡᠨ ᠰᠠᠢᠬᠠᠨ ᠰᠡᠳᠬᠢᠯ ᠦ᠋ᠨ ᠬᠢᠨᠢ ᠬᠠᠷᠢᠭᠤ ᠳ᠋ᠤ᠌ ᠨᠢᠭᠡᠨ ᠪᠡᠯᠡᠭ ᠪᠠᠷᠢᠶ᠎ᠠ᠂ ᠡᠨᠡ ᠮᠥᠴᠡ ᠡᠴᠡ ᠡᠬᠢᠯᠡᠭᠡᠳ ᠲᠤᠯᠭᠠᠨ ᠳ᠋ᠠᠬᠢ ᠭᠠᠯ ᠴᠢᠨᠢ ᠤᠨᠲᠠᠷᠠᠯ ᠦᠭᠡᠢ ᠠᠰᠠᠵᠤ᠂ ᠠᠪᠲᠠᠷᠠᠨ ᠳ᠋ᠠᠬᠢ ᠪᠤᠳᠠᠭ᠎ᠠ ᠴᠢᠨᠢ ᠲᠤᠨᠲᠠᠷᠠᠬᠤ ᠦᠭᠡᠢ ᠪᠠᠢᠬᠤ ᠪᠣᠯᠤᠨ᠎ᠠ!
ᠤᠷᠢᠳᠤ ᠰᠥᠨᠢ ᠡᠨᠡ ᠬᠦᠦ ᠵᠡᠭᠦᠳᠦᠨ ᠳ᠋ᠦ᠍ ᠢᠷᠡᠭᠡᠳ ᠶᠡᠬᠡ ᠯᠡ ᠪᠡᠯᠭᠡ ᠳᠡᠮᠪᠡᠷᠢᠯ ᠲᠡᠢ ᠦᠭᠡ ᠬᠡᠯᠡᠭᠰᠡᠨ ᠰᠢᠦ!
ᠦᠨᠡᠬᠡᠷ ᠯᠡ ᠬᠠᠢᠷᠬᠠᠨ ᠠᠭᠤᠯᠠ ᠶ᠋ᠢᠨ ᠮᠢᠨᠢ ᠰᠠᠪᠳᠠᠭ ᠪᠠᠢᠵᠤ ᠳᠠ!
ᠲᠡᠷᠡ ᠴᠠᠭ ᠠ᠋ᠴᠠ ᠬᠣᠢᠰᠢ ᠡᠮᠡᠭᠡᠨ ᠦ᠌ ᠠᠪᠳᠠᠷ᠎ᠠ ᠳ᠋ᠠᠬᠢ ᠪᠤᠳᠠᠭ᠎ᠠ ᠨᠢ ᠳᠤᠨᠳᠠᠷᠠᠯ ᠦᠭᠡᠢ ᠪᠠᠢᠭᠰᠠᠭᠠᠷ᠂ ᠲᠤᠯᠭᠠᠨ ᠳ᠋ᠠᠬᠢ ᠭᠠᠯ ᠨᠢ ᠤᠨᠲᠠᠷᠠᠯ ᠂ ᠦᠭᠡᠢ ᠠᠰᠠᠭᠰᠠᠭᠠᠷ ᠬᠠᠪᠤᠷ ᠤ᠋ᠨ ᠤᠷᠢᠨ ᠳᠤᠯᠠᠭᠠᠨ ᠴᠠᠭ ᠲᠠᠢ ᠵᠣᠯᠭᠠᠵᠠᠢ ᠭᠡᠨ᠎ᠡ!
ᠦᠰᠦᠭ ᠠᠮᠢᠯᠠᠭᠤᠯᠤᠭᠴᠢ᠄ ᠰᠣᠨᠢᠨᠪᠠᠶᠠᠷ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
