ᠠᠮᠢᠳᠤ ᠵᠢᠱ᠌ᠢᠶ᠎ᠡАмьд жишээ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠳᠤ ᠵᠢᠱ᠌ᠢᠶ᠎ᠡАмьд жишээ

ᠠᠮᠢᠳᠤ ᠵᠢᠱ᠌ᠢᠶ᠎ᠡАмьд жишээ

2022-11-09

289

ᠠᠮᠢᠳᠤ ᠵᠢᠱ᠌ᠢᠶ᠎ᠡ

   ᠥᠨᠥᠳᠥᠷ ᠬᠥᠳᠡᠭᠡ ᠮᠠᠯ ᠮᠠᠯᠯᠠᠬᠤ ᠬᠥᠮᠦᠨ ᠦᠭᠡᠢ ᠪᠠᠶ᠋ᠢᠬᠤ ᠦᠭᠡᠢ ‍ᠤᠤ ᠂ ᠮᠢᠨᠦ ᠦᠶ᠎ᠡ ᠎ᠪᠡᠷ ᠳᠠᠭᠤᠰᠤᠨ᠎ᠠ ᠂ ᠵᠠ ᠶᠠᠭᠠᠬᠢᠪᠠ ᠮᠢᠨᠦ ᠦᠶ᠎ᠡ ᠎ᠪᠡᠷ ᠳᠠᠭᠤᠰᠤᠨ᠎ᠠ ᠂ ᠵᠠ ᠶᠠᠭᠠᠬᠢᠪᠠ ᠮᠢᠨᠦ ᠦᠶ᠎ᠡ ᠎ᠪᠡᠷ ᠯᠡ ᠳᠠᠭᠤᠰᠤᠨ᠎ᠠ ᠂ ᠪᠢ ᠳᠠᠭᠤᠰᠤᠨ᠎ᠠ ᠪᠢ ᠦᠬᠦᠨ᠎ᠡ ᠂ ᠵᠠ ᠶᠠᠭᠠᠬᠢᠪᠠ ᠪᠢ ᠦᠬᠦᠯ᠎ᠡ ᠯᠡ ᠮᠢᠨᠦ ᠬᠡᠦᠬᠡᠳ ᠬᠣᠲᠠ ᠤᠷᠤᠭᠤ ᠰᠢᠭᠢᠳᠴᠢᠬᠡᠨ᠎ᠡ ᠂ ᠮᠡᠳᠡᠭᠡᠵᠢ ᠥᠬᠢᠨ ᠲᠦᠷᠦᠭᠦᠯᠡᠭᠡᠳ ᠬᠣᠲᠠ ᠤᠷᠤᠭᠤ ᠣᠷᠣᠭᠰᠠᠨ ᠪᠠᠶ᠋ᠢᠨ᠎ᠠ ᠂ ᠪᠢ ᠦᠬᠦᠯ᠎ᠡ ᠶᠠᠭᠠᠬᠢᠬᠤᠪ ᠢᠷᠡᠭᠡᠳ ᠬᠡᠳᠦᠨ ᠮᠠᠯ ‍ᠢ ᠱᠠᠭᠠᠯᠤᠨ ᠠᠪᠠᠴᠢᠵᠤ ᠵᠠᠷᠤᠯ᠎ᠠ ᠂ ᠬᠡᠳᠦᠨ ᠶᠠᠭᠤᠮ᠎ᠠ ‍ᠶ᠋ᠢ ᠠᠪᠬᠤ ᠶᠠᠭᠤᠮ᠎ᠠ ‍ᠶ᠋ᠢ ᠨᠢ ᠠᠪᠤᠭᠠᠳ ᠬᠠᠶᠠᠭᠠᠳ ᠨᠡᠭᠦᠭᠡᠳ ᠪᠠᠶ᠋ᠢᠬᠤ ᠦᠭᠡᠢ ᠂ ᠵᠠ ᠢᠩᠭᠢᠵᠦ ᠯᠡ ᠳᠠᠭᠤᠰᠤᠨ᠎ᠠ ᠂ ᠢᠩᠭᠢᠭᠰᠡᠨ ᠨᠢᠭᠡᠬᠡᠨ ᠪᠣᠳᠣᠯ ᠂ ᠲᠡᠭᠡᠭᠡᠳ ᠶᠠᠭᠠᠬᠢᠬᠤᠪ ᠲᠡᠭᠡᠭᠡᠳ ᠡᠨᠡ ᠬᠥᠳᠡᠭᠡ ᠨᠤᠲᠤᠭ ᠡᠵᠡᠨ ᠦᠭᠡᠢ ᠂ ᠡᠨᠡ ᠬᠥᠳᠡᠭᠡ ᠬᠡᠨ ᠢᠷᠡᠬᠦᠪ ? ᠬᠢᠲᠠᠳ ᠢᠷᠡᠭᠡᠳ ᠰᠠᠭᠤᠨ᠎ᠠ ᠂ ᠵᠠ ᠶᠠᠭᠠᠬᠢᠪᠠ ᠬᠢᠲᠠᠳ ᠢᠷᠡᠭᠡᠳ ᠰᠠᠭᠤᠩᠭᠤᠲᠠ ᠨᠢᠭᠡ ᠲᠥᠯᠥᠭᠡ ‍ᠶ᠋ᠢ ᠲᠠᠪᠤᠨ ᠵᠠᠭᠤᠨ ᠮᠢᠩᠭ᠎ᠠ ᠨᠢᠭᠡ ᠲᠥᠯᠥᠭᠡ ‍ᠶ᠋ᠢ ᠰᠠᠶ᠎ᠠ ᠎ᠪᠠᠷ ᠠᠪᠤᠨ᠎ᠠ ᠂ ᠣᠷᠣᠰ ᠢᠷᠡᠵᠦ ᠰᠠᠭᠤᠨ᠎ᠠ ᠂ ᠲᠡᠶ᠋ᠢᠮᠦ ᠰᠢᠲᠠ ᠂ ᠣᠳᠣ ᠠ᠋ᠴᠠ ᠎ᠪᠠᠨ ᠳᠣᠷᠣᠨᠠᠲᠤ ᠰᠦᠬᠡᠪᠠᠭᠠᠲᠤᠷ ᠎ᠲᠤ ᠬᠢᠲᠠᠳ ᠢᠷᠡᠭᠡᠳ ᠰᠠᠭᠤᠭᠰᠠᠨ ᠪᠠᠶ᠋ᠢᠨ᠎ᠠ ᠂ ᠬᠣᠶᠠᠷ ᠮᠢᠩᠭ᠎ᠠ ᠳᠥᠷᠪᠡᠨ ᠮᠢᠩᠭᠠᠨ ᠬᠣᠨᠢ ᠎ᠲᠠᠢ ᠪᠣᠯᠤᠭᠰᠠᠨ ᠂ ᠶᠠᠭᠠᠬᠢᠬᠤᠪ ᠲᠡᠭᠡᠭᠡᠳ ᠢᠷᠡᠭᠡᠳ ᠢᠷᠡᠩᠭᠦᠲᠡ ᠮᠣᠩᠭᠣᠯᠴᠤᠳ ᠮᠢᠬ᠎ᠠ ᠦᠭᠡᠢ ᠥᠯᠥᠨ ᠴᠢᠷᠠᠶ᠋ᠢᠯᠠᠭᠠᠳ ᠭᠤᠶᠤᠯᠭᠠᠴᠢᠨ ᠪᠣᠯᠤᠨ᠎ᠠ ᠂ ᠵᠠ ᠶᠠᠭᠠᠬᠢᠬᠤᠪ ᠨᠥᠭᠦᠭᠡ ᠬᠣᠲᠠ ‍ᠳᠤ ᠪᠠᠶ᠋ᠢᠭ᠎ᠠ ᠮᠣᠩᠭᠣᠯᠴᠤᠳ ᠮᠣᠩᠭᠣᠯᠴᠤᠳ ᠰᠢᠪᠠᠭᠠᠳ ᠂ ᠨᠥᠭᠦᠭᠡ ᠲᠡᠭᠡᠩᠭᠦᠲᠡ ᠬᠥᠳᠡᠭᠡ ᠳᠥᠷᠪᠡᠨ ᠵᠠᠭᠤ ᠲᠠᠪᠤᠨ ᠵᠠᠭᠤ ᠬᠦᠷᠦᠮᠡᠭᠴᠡ ᠬᠡᠨ ‍ᠳᠦ ᠢᠷᠡᠵᠦ ᠮᠠᠯ ᠮᠠᠯᠯᠠᠬᠤ ‍ᠤᠤ ? ᠨᠥᠭᠦᠭᠡ ᠴᠢ ᠪᠤᠴᠠᠭᠠᠳ ᠠᠮᠢᠳᠤᠷᠠᠬᠤ ‍ᠶ᠋ᠢᠨ ᠡᠷᠬᠡᠨ ‍ᠳᠦ ᠬᠥᠳᠡᠭᠡ ᠢᠷᠡᠵᠦ ᠬᠤᠵᠠ ‍ᠶ᠋ᠢᠨ ᠮᠠᠯ ‍ᠢ ᠮᠠᠯᠯᠠᠨ᠎ᠠ ᠂ ᠵᠠ ᠶᠠᠭᠠᠬᠢᠪᠠ ᠶᠠᠭ ᠲᠡᠶ᠋ᠢᠮᠦ ᠨᠡᠶ᠋ᠢᠭᠡᠮ ᠤᠷᠤᠭᠤ ᠮᠠᠨᠠᠶ᠋ᠢᠬᠢᠨ ᠣᠳᠣ ᠰᠢᠭᠤᠳ ᠰᠢᠯᠵᠢᠵᠦ ᠪᠠᠶ᠋ᠢᠭ᠎ᠠ ᠪᠢᠰᠢ ‍ᠦᠦ ⁈ ᠪᠦᠷ ᠠᠮᠢᠳᠤ ᠵᠢᠱ᠌ᠢᠶ᠎ᠡ ᠨᠠᠳᠠ ᠳᠡᠭᠡᠷ᠎ᠡ ᠦᠶ᠎ᠡ ᠎ᠡᠴᠡ ᠡᠬᠢᠯᠡᠨ᠎ᠡ ᠃