ᠬᠡᠦᠬᠡᠳ ᠦ᠋ᠨ ᠪᠠᠶᠠᠷ -ᠬᠠᠯᠢᠭᠤᠨKhüükhdiin bayar-KhaliunХүүхдийн баяр-Халиун ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦ᠋ᠨ ᠪᠠᠶᠠᠷ -ᠬᠠᠯᠢᠭᠤᠨKhüükhdiin bayar-KhaliunХүүхдийн баяр-Халиун

ᠬᠡᠦᠬᠡᠳ ᠦ᠋ᠨ ᠪᠠᠶᠠᠷ -ᠬᠠᠯᠢᠭᠤᠨKhüükhdiin bayar-KhaliunХүүхдийн баяр-Халиун

2026-05-30

18

ᠬᠡᠦᠬᠡᠳ ᠦ᠋ᠨ ᠪᠠᠶᠠᠷ


        ᠦᠭᠡ᠄ ᠬᠠᠰᠴᠡᠴᠡᠭ 
        ᠠᠶ᠎ᠠ᠄ ᠵᠢ‍᠂ ᠪᠠᠶᠠᠨᠮᠥ᠋ᠩᠬᠡ 
        ᠳᠠᠭᠤᠴᠢᠨ᠄ ᠬᠠᠯᠢᠭᠤᠨ 

ᠪᠠᠶᠠᠷ ᠬᠥᠷ ᠣᠨ ᠢᠨᠢᠶᠡᠳᠦ ᠴᠠᠯᠭᠢᠯᠠᠭᠰᠠᠨ 
ᠪᠡᠶᠡᠰᠦᠨ ᠪᠥᠵᠢᠬᠦ ᠪᠠᠭᠠᠴᠤᠳ ᠵᠢᠪᠬᠤᠭ᠎ᠠ ᠲᠠᠢ 
ᠪᠡᠯᠡᠭ ᠳᠤᠷᠠᠰᠬᠠᠯ ᠢ᠋ᠶ᠋ᠠᠷ ᠳᠦᠭᠦᠷᠡᠩ ᠪᠢᠯᠬᠠᠭᠰᠠᠨ 
ᠪᠠᠶᠠᠷ ᠤ᠋ᠨ ᠨᠢᠭᠡᠨ ᠡᠳᠦᠷ ᠭᠠᠢᠬᠠᠯᠲᠠᠢ 

ᠬᠡᠦᠬᠡᠳ ᠪᠢᠳᠡᠨ ᠦ᠌ ᠪᠠᠶᠠᠷ ᠤ᠋ᠨ ᠡᠳᠦᠷ ᠢ᠋ᠶ᠋ᠡᠷ 
ᠬᠥᠮᠦᠨ ᠪᠦᠬᠦᠨ ᠢᠨᠢᠶᠡᠨ ᠪᠠᠶᠠᠰᠤᠭᠠᠷᠠᠢ
ᠬᠥᠭᠡᠷᠦᠬᠦᠨ ᠴᠠᠢᠯᠭᠠᠨ ᠬᠦᠰᠡᠯ ᠪᠣᠳᠣᠯ ᠨᠢ
ᠬᠦᠷᠬᠦ ᠢᠷᠡᠭᠡᠳᠦᠢ ᠶ᠋ᠢ ᠵᠥᠩᠨᠡᠨ ᠬᠠᠢᠷᠠᠯᠠᠭᠠᠷᠠᠢ

ᠵᠦᠭ ᠪᠦᠷᠢ ᠶ᠋ᠢᠨ ᠨᠠᠢᠵᠠ ᠨᠤᠭᠤᠳ ᠴᠤᠭᠯᠠᠷᠠᠭᠰᠠᠨ
ᠵᠢᠭᠳᠡᠷᠡᠭᠰᠡᠨ ᠭᠣᠶᠣᠯᠠᠯ ᠲᠠᠢ ᠴᠤᠭᠭᠠᠷ ᠬᠥᠭᠡᠷᠦᠯᠳᠦᠭᠰᠡᠨ
ᠵᠢᠷᠤᠭ ᠰᠢᠭ᠋ ᠵᠢᠭᠠᠯ ᠤ᠋ᠳ ᠲᠣᠭᠯᠠᠨ ᠮᠦᠰᠢᠶᠡᠭᠰᠡᠨ
ᠵᠢᠷᠭᠤᠭ᠎ᠠ ᠰᠠᠷ᠎ᠠ ᠶ᠋ᠢᠨ ᠨᠢᠭᠡᠨ ᠬᠥᠭᠵᠢᠯᠲᠡᠢ

ᠬᠡᠦᠬᠡᠳ ᠪᠢᠳᠡᠨ ᠦ᠌ ᠪᠠᠶᠠᠷ ᠤ᠋ᠨ ᠡᠳᠦᠷ ᠢ᠋ᠶ᠋ᠡᠷ
ᠬᠥᠮᠦᠨ ᠪᠦᠬᠦᠨ ᠢᠨᠢᠶᠡᠨ ᠪᠠᠶᠠᠰᠤᠭᠠᠷᠠᠢ
ᠬᠥᠭᠡᠷᠦᠬᠦᠨ ᠴᠠᠢᠯᠭᠠᠨ ᠬᠦᠰᠡᠯ ᠪᠣᠳᠣᠯ ᠨᠢ
ᠬᠦᠷᠬᠦ ᠢᠷᠡᠭᠡᠳᠦᠢ ᠶ᠋ᠢ ᠵᠥᠩᠨᠡᠨ ᠬᠠᠢᠷᠠᠯᠠᠭᠠᠷᠠᠢ

ᠠᠵᠠ ᠵᠢᠷᠭᠠᠯ ᠤ᠋ᠨ ᠳᠠᠭᠤᠤ ᠠᠶᠠᠯᠤᠭᠰᠠᠨ
ᠠᠪᠤ ᠡᠵᠢ ᠶ᠋ᠢᠨ ᠦᠷᠡᠰ ᠦ᠋ᠳ ᠠᠵᠠᠲᠠᠢ
ᠠᠷᠢᠭᠤᠨ ᠬᠠᠢᠷ᠎ᠠ ᠪᠠᠷ ᠢᠪᠡᠭᠡᠭᠳᠡᠭᠰᠡᠨ
ᠠᠯᠲᠠᠨ ᠳᠡᠯᠡᠬᠡᠢ ᠶ᠋ᠢᠨ ᠬᠡᠦᠬᠡᠳ ᠦ᠋ᠳ ᠪᠡᠶᠡᠰᠦᠯᠲᠡᠢ

ᠬᠡᠦᠬᠡᠳ ᠪᠢᠳᠡᠨ ᠦ᠌ ᠪᠠᠶᠠᠷ ᠤ᠋ᠨ ᠡᠳᠦᠷ ᠢ᠋ᠶ᠋ᠡᠷ
ᠬᠥᠮᠦᠨ ᠪᠦᠬᠦᠨ ᠢᠨᠢᠶᠡᠨ ᠪᠠᠶᠠᠰᠤᠭᠠᠷᠠᠢ
ᠬᠥᠭᠡᠷᠦᠬᠦᠨ ᠴᠠᠢᠯᠭᠠᠨ ᠬᠦᠰᠡᠯ ᠪᠣᠳᠣᠯ ᠨᠢ
ᠬᠦᠷᠬᠦ ᠢᠷᠡᠭᠡᠳᠦᠢ ᠶ᠋ᠢ ᠵᠥᠩᠨᠡᠨ ᠬᠠᠢᠷᠠᠯᠠᠭᠠᠷᠠᠢ

         ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
         ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
         ᠬᠢᠨᠠᠭᠴᠢ᠄ ᠢᠷᠡᠭᠡᠳᠦᠢ