ᠸᠠᠨ ᠯᠢ -ᠪᠠᠶᠠᠨᠵᠢᠷᠭᠠᠯ Van li-BayanjargalВан ли-Баянжаргал ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠨ ᠯᠢ -ᠪᠠᠶᠠᠨᠵᠢᠷᠭᠠᠯ Van li-BayanjargalВан ли-Баянжаргал

ᠸᠠᠨ ᠯᠢ -ᠪᠠᠶᠠᠨᠵᠢᠷᠭᠠᠯ Van li-BayanjargalВан ли-Баянжаргал

2026-05-29

2378

ᠸᠠᠨ ᠯᠢ


         ᠠᠷᠠᠳ ᠤ᠋ᠨ ᠳᠠᠭᠤᠤ 
         ᠳᠠᠭᠤᠴᠢᠨ᠄ ᠪᠠᠶᠠᠨᠵᠢᠷᠭᠠᠯ 

ᠠᠭᠠᠰᠢ ᠪᠠᠭ᠎ᠠ ᠸᠠᠨ ᠯᠢ ᠭᠡᠳᠡᠭ ᠴᠢᠨᠢ ᠠᠮᠠᠷᠠᠭ ᠤ᠋ᠨ ᠰᠡᠳᠬᠢᠯ ᠬᠦ᠋ 
ᠠᠭᠠᠷ ᠲᠩᠷᠢ ᠶ᠋ᠢᠨ ᠭᠤᠷᠪᠠᠨ ᠳᠠᠭᠢᠨᠢ ᠶ᠋ᠢᠨ ᠨᠢᠭᠡᠨ ᠯᠡ ᠭᠡᠨ᠎ᠡ ᠰᠢᠦ ᠬᠦ᠋ 
ᠠᠭᠠᠰᠢ ᠪᠠᠭ᠎ᠠ ᠸᠠᠨ ᠯᠢ ᠬᠤᠸᠠᠷ ᠤ᠋ᠨ ᠪᠤᠶᠠᠨᠬᠡᠰᠢᠭ ᠳ᠋ᠠ ᠯᠠᠮᠠ ᠴᠢᠨᠢ ᠬᠦ᠋ 
ᠠᠷᠤ ᠶ᠋ᠢᠨ ᠬᠡᠢᠳ ᠦ᠋ᠨ ᠸᠠᠨ ᠯᠢ ᠰᠢᠲᠦᠭᠡᠨ ᠦ᠌ ᠨᠢᠭᠡᠨ ᠯᠡ ᠭᠡᠨ᠎ᠡ ᠰᠢᠦ ᠬᠦ᠋ 

 ᠵᠠᠭᠠᠳᠠᠯ ᠦᠰᠦ ᠪᠡᠨ ᠬᠠᠭᠠᠯᠤᠭᠰᠠᠨ ᠰᠠᠢᠬᠠᠨ ᠴᠤ᠌ ᠸᠠᠨ ᠯᠢ 
 ᠵᠠᠬ᠎ᠠ ᠲᠠᠢ ᠲᠣᠷᠭ᠎ᠠ ᠶ᠋ᠢ ᠡᠮᠦᠰᠦᠭᠰᠡᠨ ᠲᠣᠭᠲᠠᠴᠢ ᠸᠠᠨ ᠯᠢ 
 ᠵᠠᠬ᠎ᠠ ᠶ᠋ᠢᠨ ᠰᠦᠮ᠎ᠡ ᠶ᠋ᠢᠨ ᠪᠤᠶᠠᠨᠭᠡᠰᠢᠭ ᠦᠵᠡᠪᠡᠯ ᠵᠠᠩᠭᠢᠷᠴᠤ ᠦᠬᠦᠮᠡᠷ ᠸᠠᠨ ᠯᠢ ᠬᠦ᠋ 
 ᠵᠠᠯᠠᠭᠤᠴᠤᠳ ᠲᠡᠭᠦᠨ ᠢ᠋ ᠦᠵᠡᠭᠡᠳ ᠬᠠᠷᠠᠯᠠᠮᠠᠷ ᠸᠠᠨ ᠯᠢ ᠬᠦ᠋ 

ᠬᠠᠷ᠎ᠠ ᠦᠰᠦ ᠪᠡᠨ ᠬᠠᠭᠠᠯᠤᠭᠰᠠᠨ ᠰᠠᠢᠬᠠᠨ ᠴᠤ᠌ ᠸᠠᠨ ᠯᠢ
ᠬᠠᠮᠪᠤ ᠲᠣᠷᠭ᠎ᠠ ᠶ᠋ᠢ ᠡᠮᠦᠰᠦᠭᠰᠡᠨ ᠬᠥᠭᠡᠷᠦᠬᠦᠨ ᠴᠦ᠍ ᠸᠠᠨ ᠯᠢ
ᠬᠠᠭᠠᠯᠭ᠎ᠠ ᠶ᠋ᠢᠨ ᠰᠦᠮ᠎ᠡ ᠶ᠋ᠢᠨ ᠪᠤᠶᠠᠨᠬᠡᠰᠢᠭ ᠦᠵᠡᠪᠡᠯ ᠬᠠᠬᠠᠵᠤ ᠦᠬᠦᠮᠡᠷ ᠸᠠᠨ ᠯᠢ ᠬᠦ᠋ 
ᠬᠠᠮᠤᠭ ᠣᠯᠠᠨ ᠵᠠᠯᠠᠭᠤᠴᠤᠳ ᠬᠠᠷᠠᠭᠠᠳ ᠬᠠᠷᠠᠯᠠᠮᠠᠷ ᠸᠠᠨ ᠯᠢ ᠬᠦ᠋ 

ᠥᠩᠭᠡ ᠲᠡᠢ ᠲᠣᠷᠭ᠎ᠠ ᠪᠠᠨ ᠡᠮᠦᠰᠦᠭᠰᠡᠨ ᠭᠠᠷᠪᠠᠯ ᠦᠵᠡᠰᠬᠦᠯᠡᠩᠲᠦ ᠸᠠᠨ ᠯᠢ
ᠥᠨᠳᠥᠷ ᠰᠦᠮ᠎ᠡ ᠶ᠋ᠢᠨ ᠪᠤᠶᠠᠨᠭᠡᠰᠢᠭ ᠦᠵᠡᠪᠡᠯ ᠵᠠᠩᠭᠢᠷᠠᠮᠠᠷ ᠸᠠᠨ ᠯᠢ
ᠦᠳᠡᠯᠦᠭᠡ ᠪᠤᠭᠤᠷᠤᠯ ᠨᠠᠰᠤᠲᠠᠢ ᠨᠢ ᠵᠠᠯᠠᠭᠤ ᠪᠠᠷ ᠨᠢ ᠰᠠᠨᠠᠮᠠᠷ ᠸᠠᠨ ᠯᠢ ᠬᠦ᠋ 
ᠦᠶ᠎ᠡ ᠶ᠋ᠢᠨ ᠵᠡᠷᠭᠡ ᠶ᠋ᠢᠨ ᠵᠠᠯᠠᠭᠤᠴᠤᠳ ᠦᠵᠡᠭᠡᠳ ᠮᠡᠯᠡᠷᠡᠮᠡᠷ ᠸᠠᠨ ᠯᠢ ᠬᠦ᠋ 

ᠵᠣ᠋ ᠶ᠋ᠢᠨ ᠰᠦᠮ᠎ᠡ ᠳ᠋ᠡᠭᠡᠨ ᠮᠥᠷᠭᠥᠨ᠎ᠡ ᠭᠡᠳ ᠯᠡ ᠵᠢᠷᠣᠭᠠᠯᠠᠵᠤ ᠶᠠᠪᠤᠨ᠎ᠠ ᠸᠠᠨ ᠯᠢ ᠬᠦ᠋ 
ᠵᠤᠯᠠ ᠬᠦᠵᠢ ᠪᠡᠨ ᠡᠷᠭᠦᠭᠰᠡᠨ ᠳ᠋ᠤᠯᠢᠩᠭᠠᠷ ᠯᠠᠮᠠ ᠪᠠᠨ ᠦᠵᠡᠩᠭᠦᠲᠡ ᠪᠡᠨ ᠪᠠᠬᠠᠷᠬᠠᠪᠠ ᠬᠦ᠋ 
ᠵᠠᠯᠪᠠᠷᠢᠭᠠᠳ ᠯᠠ ᠭᠤᠷᠪᠠᠨ ᠤᠳᠠᠭ᠎ᠠ ᠮᠥᠷᠭᠥᠬᠦ ᠶ᠋ᠢᠨ ᠦᠶ᠎ᠡ ᠳ᠋ᠡᠭᠡᠨ ᠬᠦ᠋ 
ᠵᠠᠪᠠᠵᠢᠨ  ᠤ᠋ ᠪᠠᠨ ᠰᠢᠯᠦᠰᠦ ᠶ᠋ᠢ ᠵᠠᠯᠭᠢᠵᠤ ᠴᠢᠳᠠᠬᠤ ᠦᠭᠡᠢ ᠵᠠᠩᠭᠢᠷᠠᠭᠠᠳ ᠤᠨᠠᠪᠠ ᠬᠦ᠋ 
ᠠ᠋ ᠠ ᠠ ᠰᠠᠢᠬᠠᠨ ᠴᠤ᠌ ᠸᠠᠨ ᠯᠢ ᠬᠦ᠋ 

 ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
 ᠬᠢᠨᠠᠭᠴᠢ᠄ ᠭᠦᠩᠭᠠᠷ