ᠬᠦᠮᠦᠨ ᠠᠭᠤᠯᠠ-ᠫ ∙ ᠭᠠᠩᠪᠣᠯᠣᠳKhün uul- P.GanboldХүн уул- П.Ганболд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠮᠦᠨ ᠠᠭᠤᠯᠠ-ᠫ ∙ ᠭᠠᠩᠪᠣᠯᠣᠳKhün uul- P.GanboldХүн уул- П.Ганболд

ᠬᠦᠮᠦᠨ ᠠᠭᠤᠯᠠ-ᠫ ∙ ᠭᠠᠩᠪᠣᠯᠣᠳKhün uul- P.GanboldХүн уул- П.Ганболд

ᠠᠩᠭᠢᠯᠠᠯ:ᠳᠠᠭᠤᠤ ᠬᠥᠭᠵᠢᠮ
2026-05-28

131

ᠬᠥᠮᠦᠨ ᠠᠭᠤᠯᠠ


            ᠦᠭᠡ᠄ ᠣ·ᠪᠠᠲᠤᠪᠣᠯᠣᠳ  
            ᠠᠶ᠎ᠠ᠄ ᠫ · ᠭᠠᠩᠪᠣᠯᠣᠳ 
            ᠳᠠᠭᠤᠴᠢᠨ᠄ ᠫ·ᠭᠠᠩᠪᠣᠯᠣᠳ 

ᠠᠯᠤᠰ ᠤ᠋ᠨ ᠠᠯᠤᠰ ᠠ᠋ᠴᠠ ᠠᠶᠠᠨ ᠤ᠋ ᠵᠠᠮ ᠵᠤᠷᠠᠢᠵᠤ 
ᠠᠮᠢᠨ ᠬᠠᠢᠷᠠᠲᠠᠢ ᠨᠤᠲᠤᠭ ᠮᠢᠨᠢ ᠬᠦᠦ ᠪᠡᠨ ᠲᠤᠰᠤᠨ᠎ᠠ 
ᠠᠪᠤ ᠶ᠋ᠢᠨ ᠮᠢᠨᠢ ᠦᠨᠦᠷᠲᠦ ᠰᠠᠯᠬᠢ ᠰᠡᠳᠬᠢᠯ ᠳ᠋ᠦ᠍ ᠬᠠᠩᠬᠢᠢᠭᠠᠳ 
ᠠᠨᠢᠰᠬᠠᠨ ᠳ᠋ᠤ᠌ ᠪᠠᠨ ᠨᠢᠯᠪᠤᠰᠤᠲᠠᠢ ᠲᠠᠨ ᠳ᠋ᠠᠭᠠᠨ ᠯᠠ ᠶᠠᠭᠠᠷᠠᠨ᠎ᠠ 
ᠰᠠᠢᠬᠠᠨ ᠪᠤᠭᠤᠷᠤᠯ ᠠᠪᠤ ᠪᠠᠨ ᠵᠢᠷᠦᠬᠡᠨ ᠳ᠋ᠡᠭᠡᠨ ᠲᠡᠭᠡᠭᠡᠭᠡᠳ 
ᠰᠠᠷᠠᠭᠤᠯ ᠲᠠᠯ᠎ᠠ ᠪᠠᠷ ᠰᠠᠯᠬᠢ ᠲᠠᠲᠠᠭᠤᠯᠤᠨ ᠶᠠᠪᠤᠨ᠎ᠠ 
ᠬᠠᠨ ᠠᠭᠤᠯᠠ ᠰᠢᠬ ᠨᠥᠮᠥᠷᠢ ᠶ᠋ᠢ ᠲᠠᠨᠢ ᠬᠦᠦ ᠨᠢ ᠦᠭᠡᠢᠯᠡᠨ᠎ᠡ 
ᠬᠠᠮᠤᠭ ᠤ᠋ᠨ ᠳᠤᠯᠠᠭᠠᠨ ᠰᠡᠳᠬᠢᠯᠲᠦ ᠬᠥᠮᠦᠨ ᠠᠭᠤᠯᠠ ᠶᠤᠮ ᠠ᠋ ᠲᠠ 
ᠲᠥᠷᠥᠭᠰᠡᠨ ᠨᠤᠲᠤᠭ ᠤ᠋ᠨ ᠪᠠᠷ᠎ᠠ ᠨᠢ ᠲᠣᠳᠣᠷᠠᠭᠠᠳ
ᠲᠦᠪᠰᠢᠨ ᠪᠤᠭᠤᠷᠤᠯ ᠠᠪᠤ ᠮᠢᠨᠢ ᠬᠦᠦ ᠪᠡᠨ ᠬᠠᠷᠠᠭᠤᠯᠳᠠᠨ᠎ᠠ
ᠲᠠᠨᠠᠨ ᠴᠠᠭᠠᠨ ᠥᠷᠭᠥᠭᠡ ᠨᠦ᠍ᠭᠦᠳ ᠨᠢ ᠵᠡᠷᠭᠡᠯᠭᠡᠨ ᠳ᠋ᠦ᠍ ᠮᠢᠷᠠᠯᠵᠠᠭᠠᠳ
ᠲᠠᠯ᠎ᠠ ᠨᠤᠲᠤᠭ ᠤ᠋ᠨ ᠲᠤᠯᠤᠭᠠᠳ ᠨᠢ ᠥᠨᠳᠡᠯᠵᠡᠨ ᠬᠦᠯᠢᠶᠡᠨ᠎ᠡ ᠠ᠋
ᠰᠠᠢᠬᠠᠨ ᠪᠤᠭᠤᠷᠤᠯ ᠠᠪᠤ ᠪᠠᠨ ᠵᠢᠷᠦᠬᠡᠨ ᠳ᠋ᠡᠭᠡᠨ ᠲᠡᠭᠡᠭᠡᠭᠡᠳ
ᠰᠠᠷᠠᠭᠤᠯ ᠲᠠᠯ᠎ᠠ ᠪᠠᠷ ᠰᠠᠯᠬᠢ ᠲᠠᠲᠠᠭᠤᠯᠤᠨ ᠶᠠᠪᠤᠨ᠎ᠠ
ᠬᠠᠨ ᠠᠭᠤᠯᠠ ᠰᠢᠬ ᠨᠥᠮᠥᠷᠢ ᠶ᠋ᠢ ᠲᠠᠨᠢ ᠬᠦᠦ ᠨᠢ ᠦᠭᠡᠢᠯᠡᠨ᠎ᠡ
ᠬᠠᠮᠤᠭ ᠤ᠋ᠨ ᠳᠤᠯᠠᠭᠠᠨ ᠰᠡᠳᠬᠢᠯᠲᠦ ᠬᠥᠮᠦᠨ ᠠᠭᠤᠯᠠ ᠶᠤᠮ ᠠ᠋ ᠲᠠ

ᠠᠭᠤᠯᠵᠠᠬᠤ ᠶ᠋ᠢᠨ ᠵᠠᠭᠤᠷᠠᠳᠤ ᠰᠡᠳᠬᠢᠯ ᠮᠢᠨᠢ ᠠᠭᠤᠵᠢᠷᠠᠨ
ᠠᠭᠤᠯᠠ ᠰᠢᠬ ᠨᠥᠮᠥᠷᠢ ᠲᠡᠢ ᠠᠪᠤ ᠶ᠋ᠢᠨ ᠢ᠋ᠶ᠋ᠡᠨ ᠡᠩᠭᠡᠷ ᠲᠦ᠍ ᠨᠢ ᠲᠡᠪᠡᠷᠢᠭᠦᠯᠦᠨ᠎ᠡ
ᠤᠴᠠᠷᠠᠯ ᠳᠠᠭᠤᠳᠠᠭᠰᠠᠨ ᠬᠣᠷᠸ᠎ᠠ ᠡᠩᠬᠡ ᠮᠡᠨᠳᠦ ᠶ᠋ᠢᠨ ᠬᠠᠳᠠᠭ ᠳᠡᠯᠭᠡᠭᠡᠳ
ᠤᠶᠠᠩᠭᠠᠲᠤ ᠳᠠᠭᠤᠤ ᠪᠠᠨ ᠠᠶᠠᠯᠤᠩᠬᠠᠨ ᠲᠠᠨ ᠳ᠋ᠠᠭᠠᠨ ᠬᠦᠦ ᠨᠢ ᠢᠷᠡᠯ᠎ᠡ
ᠰᠠᠢᠬᠠᠨ ᠪᠤᠭᠤᠷᠤᠯ ᠠᠪᠤ ᠪᠠᠨ ᠵᠢᠷᠦᠬᠡᠨ ᠳ᠋ᠡᠭᠡᠨ ᠲᠡᠭᠡᠭᠡᠭᠡᠳ
ᠰᠠᠷᠠᠭᠤᠯ ᠲᠠᠯ᠎ᠠ ᠪᠠᠷ ᠰᠠᠯᠬᠢ ᠲᠠᠲᠠᠭᠤᠯᠤᠨ ᠶᠠᠪᠤᠨ᠎ᠠ
ᠬᠠᠨ ᠠᠭᠤᠯᠠ ᠰᠢᠬ ᠨᠥᠮᠥᠷᠢ ᠶ᠋ᠢ ᠲᠠᠨᠢ ᠬᠦᠦ ᠨᠢ ᠦᠭᠡᠢᠯᠡᠨ᠎ᠡ
ᠬᠠᠮᠤᠭ ᠤ᠋ᠨ ᠳᠤᠯᠠᠭᠠᠨ ᠰᠡᠳᠬᠢᠯᠲᠦ ᠬᠥᠮᠦᠨ ᠠᠭᠤᠯᠠ ᠶᠤᠮ ᠠ᠋ ᠲᠠ

ᠰᠠᠢᠬᠠᠨ ᠪᠤᠭᠤᠷᠤᠯ ᠠᠪᠤ ᠪᠠᠨ ᠵᠢᠷᠦᠬᠡᠨ ᠳ᠋ᠡᠭᠡᠨ ᠲᠡᠭᠡᠭᠡᠭᠡᠳ
ᠰᠠᠷᠠᠭᠤᠯ ᠲᠠᠯ᠎ᠠ ᠪᠠᠷ ᠰᠠᠯᠬᠢ ᠲᠠᠲᠠᠭᠤᠯᠤᠨ ᠶᠠᠪᠤᠨ᠎ᠠ
ᠬᠠᠨ ᠠᠭᠤᠯᠠ ᠰᠢᠬ  ᠨᠥᠮᠥᠷᠢ ᠶ᠋ᠢ ᠲᠠᠨᠢ ᠬᠦᠦ ᠨᠢ ᠦᠭᠡᠢᠯᠡᠨ᠎ᠡ
ᠬᠠᠮᠤᠭ ᠤ᠋ᠨ ᠳᠤᠯᠠᠭᠠᠨ ᠰᠡᠳᠬᠢᠯᠲᠦ ᠬᠥᠮᠦᠨ ᠠᠭᠤᠯᠠ ᠶᠤᠮ ᠠ᠋ ᠲᠠ

        ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
        ᠦᠰᠦᠭ ᠬᠠᠳᠠᠭᠴᠢ᠄ ᠪᠠᠢ᠂ ᠰᠠᠷᠠᠨ᠎ᠠ
        ᠬᠢᠨᠠᠭᠴᠢ᠄ ᠣᠳᠬᠠᠨᠰᠣ᠎ᠠ