ᠡᠵᠢ ᠪᠡᠨ ᠰᠠᠨᠠᠬᠤ ᠪᠠᠷ- ᠦᠩᠭᠡᠶ᠋ᠢᠨᠬᠠᠰEejee sanakhaar-ÖngiinkhasЭэжээ санахаар-Өнгийнхас ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠪᠡᠨ ᠰᠠᠨᠠᠬᠤ ᠪᠠᠷ- ᠦᠩᠭᠡᠶ᠋ᠢᠨᠬᠠᠰEejee sanakhaar-ÖngiinkhasЭэжээ санахаар-Өнгийнхас

ᠡᠵᠢ ᠪᠡᠨ ᠰᠠᠨᠠᠬᠤ ᠪᠠᠷ- ᠦᠩᠭᠡᠶ᠋ᠢᠨᠬᠠᠰEejee sanakhaar-ÖngiinkhasЭэжээ санахаар-Өнгийнхас

ᠠᠩᠭᠢᠯᠠᠯ:ᠳᠠᠭᠤᠤ ᠬᠥᠭᠵᠢᠮ
2026-05-28

2

ᠡᠵᠢ ᠪᠡᠨ ᠰᠠᠨᠠᠬᠤ ᠪᠠᠷ


       ᠦᠭᠡ᠄ ᠪᠦᠷᠢᠨᠰᠠᠶ᠋ᠢᠬᠠᠨ 
       ᠠᠶ᠎ᠠ᠄ ᠨᠠᠨᠳᠢᠨ 
       ᠳᠠᠭᠤᠴᠢᠨ᠄ ᠦᠩᠭᠡᠶ᠋ᠢᠨᠬᠠᠰ 

ᠮᠥᠩᠭᠥᠨ ᠵᠡᠭᠦᠦ ᠪᠡᠷ ᠴᠡᠴᠡᠭᠡᠰ ᠱᠠᠭᠯᠠᠭᠠᠳ 
ᠤᠶᠠᠬᠠᠨ ᠪᠣᠷᠣᠭ᠎ᠠ ᠰᠢᠪᠡᠷᠡᠭᠡ ᠤᠤ ᠡᠵᠢ ᠠ᠋ 
ᠮᠢᠩᠭᠠᠨ ᠮᠢᠩᠭᠠᠨ ᠳᠤᠰᠤᠯ ᠤ᠋ᠨ ᠳᠣᠲᠣᠷ᠎ᠠ ᠨᠢ ᠬᠦ 
ᠲᠠᠨ ᠢ᠋ ᠪᠡᠨ ᠰᠠᠨᠠᠭᠰᠠᠨ ᠪᠣᠳᠣᠯ ᠤ᠋ᠳ ᠪᠣᠢ ᠰᠢᠦ ᠳᠡ 

ᠠᠯᠲᠠᠨ ᠱᠠ ᠪᠠᠷ ᠠᠭᠤᠯᠠ ᠶ᠋ᠢ ᠤᠷᠠᠯᠠᠭᠠᠳ 
ᠰᠠᠢᠬᠠᠨ ᠨᠠᠷᠠᠨ ᠰᠢᠩᠭᠡᠭᠡ ᠤᠤ ᠡᠵᠢ ᠠ᠋ 
ᠠᠩᠭᠢᠷ ᠠᠩᠭᠢᠷ ᠲᠣᠯᠣᠩ ᠤ᠋ᠨ ᠳᠣᠲᠣᠷ᠎ᠠ ᠨᠢ ᠬᠦ 
ᠲᠠᠨ ᠢ᠋ ᠪᠡᠨ ᠮᠠᠨᠠᠭᠰᠠᠨ ᠵᠡᠭᠦᠳᠦ ᠨᠦ᠍ᠭᠦᠳ ᠪᠣᠢ ᠰᠢᠦ ᠳᠡ
ᠰᠦ ᠪᠡᠨ ᠡᠷᠭᠦᠨ ᠠᠭᠤᠯᠠ ᠶ᠋ᠢ ᠬᠠᠷᠠᠭᠠᠳ
ᠬᠦᠦ ᠪᠡᠨ ᠬᠦᠯᠢᠶᠡᠭᠰᠡᠨ ᠡᠵᠢ ᠮᠢᠨᠢ ᠰᠠᠢᠨ ᠤᠤ
ᠬᠤᠨ ᠲᠠᠢ ᠨᠠᠭᠤᠷ ᠤ᠋ᠨ ᠬᠥᠪᠡᠭᠡᠨ ᠳ᠋ᠡᠭᠡᠨ
ᠵᠤᠨ ᠲᠠᠢ ᠬᠠᠮᠲᠤ ᠪᠠᠷ ᠣᠴᠢᠨ᠎ᠠ ᠬᠦᠦ ᠴᠢᠨᠢ

ᠲᠠᠨᠠᠨ ᠬᠡ ᠪᠡᠷ ᠨᠠᠭᠤᠷ ᠢ᠋ ᠡᠮᠵᠢᠭᠡᠳ
ᠬᠤᠨᠳᠠᠭᠠᠨ ᠰᠠᠷᠠᠨ ᠰᠡᠮᠡᠷᠡᠭᠡ ᠤᠤ ᠡᠵᠢ ᠠ᠋
ᠳᠡᠯᠡᠮᠡᠨ ᠲᠠᠯᠠᠮᠠᠨ ᠳᠣᠯᠭᠢᠶ᠎ᠠ ᠳᠣᠲᠣᠷ᠎ᠠ ᠨᠢ ᠬᠦ
ᠲᠠᠨ ᠢ᠋ ᠪᠡᠨ ᠵᠣᠷᠢᠭᠰᠠᠨ ᠬᠠᠢᠷ᠎ᠠ ᠨᠤᠭᠤᠳ ᠪᠣᠢ ᠰᠢᠦ ᠳᠡ
ᠰᠦ ᠡᠷᠭᠦᠨ ᠠᠭᠤᠯᠠ ᠶ᠋ᠢ ᠬᠠᠷᠠᠭᠠᠳ
ᠬᠦᠦ ᠪᠡᠨ ᠬᠦᠯᠢᠶᠡᠭᠰᠡᠨ ᠡᠵᠢ ᠮᠢᠨᠢ ᠰᠠᠢᠨ ᠤᠤ
ᠬᠤᠨ ᠲᠠᠢ ᠨᠠᠭᠤᠷ ᠤ᠋ᠨ ᠬᠥᠪᠡᠭᠡᠨ ᠳ᠋ᠡᠭᠡᠨ
ᠵᠤᠨ ᠲᠠᠢ ᠬᠠᠮᠲᠤ ᠪᠠᠷ ᠣᠴᠢᠨ᠎ᠠ ᠬᠦᠦ ᠴᠢᠨᠢ
ᠰᠦ ᠪᠡᠨ ᠡᠷᠭᠦᠨ ᠠᠭᠤᠯᠠ ᠶ᠋ᠢ ᠬᠠᠷᠠᠭᠠᠳ
ᠬᠦᠦ ᠪᠡᠨ ᠬᠦᠯᠢᠶᠡᠭᠰᠡᠨ ᠡᠵᠢ ᠮᠢᠨᠢ ᠰᠠᠢᠨ ᠤᠤ
ᠬᠤᠨ ᠲᠠᠢ ᠨᠠᠭᠤᠷ ᠤ᠋ᠨ ᠬᠥᠪᠡᠭᠡᠨ ᠳ᠋ᠡᠭᠡᠨ
ᠵᠤᠨ ᠲᠠᠢ ᠬᠠᠮᠲᠤ ᠪᠠᠷ ᠣᠴᠢᠨ᠎ᠠ ᠬᠦᠦ ᠴᠢᠨᠢ
ᠵᠤᠨ ᠲᠠᠢ ᠬᠠᠮᠲᠤ ᠪᠠᠷ ᠣᠴᠢᠨ᠎ᠠ ᠬᠦᠦ ᠴᠢᠨᠢ

      ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
      ᠦᠰᠦᠭ ᠬᠠᠳᠠᠭᠴᠢ᠄ ᠪᠠᠢ᠂ ᠰᠠᠷᠠᠨ᠎ᠠ
      ᠬᠢᠨᠠᠭᠴᠢ᠄ ᠰᠣᠨᠢᠨᠪᠠᠶᠠᠷ