ᠬᠥᠮᠦᠨ ᠠᠭᠤᠯᠠ- ᠳ᠂ ᠪᠤᠷᠮ᠎ᠠKhün uul-D.BurmaХүн уул-Д.Бурма ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠠᠭᠤᠯᠠ- ᠳ᠂ ᠪᠤᠷᠮ᠎ᠠKhün uul-D.BurmaХүн уул-Д.Бурма

ᠬᠥᠮᠦᠨ ᠠᠭᠤᠯᠠ- ᠳ᠂ ᠪᠤᠷᠮ᠎ᠠKhün uul-D.BurmaХүн уул-Д.Бурма

ᠠᠩᠭᠢᠯᠠᠯ:ᠳᠠᠭᠤᠤ ᠬᠥᠭᠵᠢᠮ
2026-05-27

2663

ᠬᠥᠮᠦᠨ ᠠᠭᠤᠯᠠ


         ᠦᠭᠡ᠄ ᠪ᠊᠂ ᠢᠳᠰᠢᠨᠬᠣᠷᠯᠣ 
         ᠠᠶ᠎ᠠ᠄ ᠳ᠋᠊᠂ ᠴᠡᠴᠡᠷᠯᠢᠭ 
         ᠳᠠᠭᠤᠴᠢᠨ᠄ ᠳ᠋᠊᠂ ᠪᠤᠷᠮ᠎ᠠ 

ᠢᠵᠢᠯᠢ ᠬᠠᠨᠢ ᠶ᠋ᠢᠨ ᠢ᠋ᠶ᠋ᠡᠨ ᠳᠡᠷᠭᠡᠳᠡ ᠪᠢ 
ᠡᠭᠡᠰᠢᠭᠯᠡᠨ ᠳᠠᠭᠤᠯᠠᠵᠤ ᠯᠠ ᠠᠮᠢᠳᠤᠷᠠᠯ᠎ᠠ ᠳ᠋ᠠ  
ᠡᠷ᠎ᠡ ᠬᠥᠮᠦᠨ ᠴᠢᠨᠦᠬᠢ ᠪᠡᠨ ᠨᠥᠮᠥᠷᠢ ᠳ᠋ᠦ᠍ ᠨᠢ 
ᠡᠷᠬᠡᠯᠡᠨ ᠲᠤᠨᠢᠵᠤ ᠵᠢᠷᠭᠠᠯ᠎ᠠ ᠳ᠋ᠠ  
ᠬᠦᠰᠡᠯ ᠢ᠋ᠶ᠋ᠡᠷ ᠨᠠᠳᠠ ᠳ᠋ᠠᠭᠠᠨ ᠵᠠᠶᠠᠭᠠᠭᠰᠠᠨ 
ᠬᠥᠮᠦᠨ ᠠᠭᠤᠯᠠ ᠶᠤᠮ ᠲᠠ ᠮᠢᠨᠢ ᠠ᠋ ᠬᠦ᠋  

ᠬᠠᠢᠷᠠᠲᠠᠢ ᠬᠠᠨᠢ ᠶ᠋ᠢᠨ ᠢ᠋ᠶ᠋ᠡᠨ ᠳᠡᠷᠭᠡᠳᠡ ᠪᠢ 
ᠬᠠᠢᠯᠠᠨ ᠳᠠᠭᠤᠯᠠᠵᠤ ᠯᠠ ᠠᠮᠢᠳᠤᠷᠠᠯ᠎ᠠ ᠳ᠋ᠠ 
ᠬᠠᠩᠬᠠᠷ ᠡᠩᠭᠡᠷ ᠦ᠋ᠨ ᠴᠢᠨᠢ ᠨᠥᠮᠥᠷᠢ ᠳ᠋ᠦ᠍ ᠨᠢ
ᠬᠠᠲᠠᠮᠵᠢᠨ ᠤᠬᠠᠭᠠᠵᠢᠵᠤ ᠵᠢᠷᠭᠠᠯ᠎ᠠ ᠳ᠋ᠠ 
ᠬᠦᠰᠡᠯ ᠢ᠋ᠶ᠋ᠡᠷ ᠨᠠᠳᠠ ᠳ᠋ᠠᠭᠠᠨ ᠵᠠᠶᠠᠭᠠᠭᠰᠠᠨ
ᠬᠥᠮᠦᠨ ᠠᠭᠤᠯᠠ ᠶᠤᠮ ᠲᠠ ᠮᠢᠨᠢ ᠠ᠋ ᠬᠦ᠋ 

ᠰᠠᠢᠬᠠᠨ ᠬᠠᠨᠢ ᠶ᠋ᠢᠨ ᠢ᠋ᠶ᠋ᠡᠨ ᠳᠡᠷᠭᠡᠳᠡ ᠪᠢ
ᠰᠠᠨᠠᠭᠠᠨ ᠵᠣᠷᠢᠭ ᠢ᠋ᠶ᠋ᠠᠷ ᠠᠮᠢᠳᠤᠷᠠᠯ᠎ᠠ ᠳ᠋ᠠ 
ᠠᠭᠤᠵᠢᠭᠤ ᠪᠣᠳᠣᠯ ᠤ᠋ᠨ ᠴᠢᠨᠢ ᠨᠥᠮᠥᠷᠢ ᠳ᠋ᠦ᠍ ᠨᠢ
ᠤᠷᠮᠠᠰᠢᠨ ᠴᠡᠴᠡᠭᠯᠡᠵᠦ ᠵᠢᠷᠭᠠᠯ᠎ᠠ ᠳ᠋ᠠ 
ᠬᠦᠰᠡᠯ ᠢ᠋ᠶ᠋ᠡᠷ ᠨᠠᠳᠠ ᠳ᠋ᠠᠭᠠᠨ ᠵᠠᠶᠠᠭᠠᠭᠰᠠᠨ
ᠬᠥᠮᠦᠨ ᠠᠭᠤᠯᠠ ᠶᠤᠮ ᠲᠠ ᠮᠢᠨᠢ ᠠ᠋ ᠬᠦ᠋ 
ᠬᠦᠰᠡᠯ ᠢ᠋ᠶ᠋ᠡᠷ ᠨᠠᠳᠠ ᠳ᠋ᠠᠭᠠᠨ ᠵᠠᠶᠠᠭᠠᠭᠰᠠᠨ
ᠬᠥᠮᠦᠨ ᠠᠭᠤᠯᠠ ᠶᠤᠮ ᠲᠠ ᠮᠢᠨᠢ ᠠ᠋ ᠬᠦ᠋ 
ᠬᠥᠮᠦᠨ ᠠᠭᠤᠯᠠ ᠶᠤᠮ ᠲᠠ ᠮᠢᠨᠢ ᠠ᠋ ᠬᠦ᠋ 

       ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
       ᠬᠢᠨᠠᠭᠴᠢ᠄ ᠤᠤᠭᠠᠨᠵᠢᠳ