ᠪᠣᠲᠣᠭᠣᠨ ᠵᠡᠷᠭᠡᠯᠭᠡ -ᠬᠡᠷᠡᠯᠰᠠᠢᠬᠠᠨBotgon zereglee-Kherelsaikhan Ботгон зэрэглээ-Хэрэлсайхан
ᠪᠣᠲᠣᠭᠣᠨ ᠵᠡᠷᠭᠡᠯᠭᠡ
ᠦᠭᠡ᠄ ᠠ᠋᠊᠂ ᠪᠣᠯᠣᠳ
ᠠᠶ᠎ᠠ ᠄ ᠲᠣ᠂ ᠤᠯᠠᠭᠠᠪᠠᠭᠠᠲᠤᠷ
ᠳᠠᠭᠤᠴᠢᠨ᠄ ᠬᠡᠷᠡᠯᠰᠠᠢᠬᠠᠨ
ᠪᠣᠲᠣᠭᠣᠨ ᠵᠡᠷᠭᠡᠯᠭᠡ ᠨᠠᠭᠠᠰᠢ ᠪᠠᠨ ᠲᠡᠰᠢᠨᠡ
ᠪᠤᠭᠤᠷᠤᠯ ᠭᠣᠪᠢ ᠨᠢ ᠤᠶᠠᠷᠠᠨ ᠥᠨᠳᠡᠯᠵᠡᠨ᠎ᠡ
ᠰᠩᠭᠡᠬᠦᠯᠤᠨ ᠨᠠᠭᠠᠰᠢᠯᠠᠬᠤ ᠲᠩᠷᠢ ᠶ᠋ᠢᠨ ᠬᠠᠶᠠᠭᠠᠨ ᠤ᠋
ᠰᠠᠯᠬᠢᠨ ᠤ᠋ ᠦᠵᠦᠭᠦᠷ ᠨᠢ ᠰᠦᠨ ᠦ᠌ ᠦᠨᠦᠷ ᠲᠡᠢ
ᠬᠠᠪᠲᠠᠭᠠᠢ ᠶ᠋ᠢᠨ ᠵᠡᠷᠭᠡᠯᠭᠡ ᠬᠥᠭᠡᠭᠡᠴᠡᠯᠳᠦᠨ ᠲᠡᠰᠢᠨᠡ
ᠭᠠᠷᠭᠠᠨ᠎ᠠ ᠲᠠᠢ ᠭᠣᠪᠢ ᠨᠢ ᠤᠶᠠᠷᠠᠨ ᠥᠨᠳᠡᠯᠵᠡᠨ᠎ᠡ
ᠬᠠᠯᠭᠢᠯᠠᠨ ᠨᠠᠭᠠᠰᠢᠯᠠᠬᠤ ᠲᠡᠮᠡᠭᠡᠳ ᠦ᠋ᠨ ᠴᠠᠭᠠᠨ᠎ᠠ ᠠ᠋ᠴᠠ
ᠬᠢᠯᠭᠠᠨ᠎ᠠ ᠶ᠋ᠢᠨ ᠦᠵᠦᠭᠦᠷ ᠨᠢ ᠰᠦᠨ ᠦ᠌ ᠦᠨᠦᠷ ᠲᠡᠢ
ᠭᠤᠨᠵᠢᠨ ᠵᠡᠷᠭᠡᠯᠭᠡ ᠵᠢᠷᠪᠢᠭᠢᠨᠡᠨ ᠲᠡᠰᠢᠨᠡ
ᠭᠤᠴᠢᠨ ᠭᠤᠷᠪᠠᠨ ᠭᠣᠪᠢ ᠨᠢ ᠤᠶᠠᠷᠠᠨ ᠥᠨᠳᠡᠯᠵᠡᠨ᠎ᠡ
ᠬᠦᠷᠡᠩᠲᠦᠨ ᠲᠡᠨᠢᠢᠬᠦ ᠭᠣᠪᠢ ᠶ᠋ᠢᠨ ᠭᠦᠨ ᠡᠴᠡ
ᠬᠤᠭᠤᠷ ᠤ᠋ᠨ ᠡᠬᠡᠰᠢᠭ ᠲᠦ᠍ ᠨᠢ ᠰᠦᠨ ᠦ᠌ ᠦᠨᠦᠷ ᠲᠡᠢ
ᠬᠦᠷᠡᠩᠲᠦᠨ ᠲᠡᠨᠢᠢᠬᠦ ᠭᠣᠪᠢ ᠶ᠋ᠢᠨ ᠭᠦᠨ ᠡᠴᠡ
ᠬᠤᠭᠤᠷ ᠤ᠋ᠨ ᠡᠭᠡᠰᠢᠭ ᠲᠦ᠍ ᠨᠢ ᠰᠦᠨ ᠦ᠌ ᠦᠨᠦᠷ ᠲᠡᠢ
ᠦᠰᠦᠭ ᠠᠮᠢᠯᠠᠭᠤᠯᠤᠭᠴᠢ᠄ ᠰᠡᠴᠡᠨᠬᠡᠷᠡᠯ
ᠬᠢᠨᠠᠭᠴᠢ ᠪᠠᠭᠰᠢ᠄ ᠠᠯᠲᠠᠨᠴᠡᠴᠡᠭ
