ᠰᠢᠭᠦᠳᠡᠷᠢ ᠲᠡᠭᠦᠭᠰᠡᠨ ᠪᠦᠰᠡᠭᠦᠢShuuder tuusen busgui-BaataraaШүүдэр түүсэн бүсгүй-ББаатараа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠭᠦᠳᠡᠷᠢ ᠲᠡᠭᠦᠭᠰᠡᠨ ᠪᠦᠰᠡᠭᠦᠢShuuder tuusen busgui-BaataraaШүүдэр түүсэн бүсгүй-ББаатараа

ᠰᠢᠭᠦᠳᠡᠷᠢ ᠲᠡᠭᠦᠭᠰᠡᠨ ᠪᠦᠰᠡᠭᠦᠢShuuder tuusen busgui-BaataraaШүүдэр түүсэн бүсгүй-ББаатараа

ᠠᠩᠭᠢᠯᠠᠯ:ᠳᠠᠭᠤᠤ ᠬᠥᠭᠵᠢᠮ
2026-05-24

1139

ᠰᠢᠭᠦᠳᠡᠷᠢ ᠲᠡᠭᠦᠭᠰᠡᠨ ᠪᠦᠰᠡᠭᠦᠢ

        ᠦᠭᠡ᠄ ᠮ᠂ ᠪᠢᠯᠢᠭ᠌ᠰᠠᠢᠬᠠᠨ 
        ᠠᠶ᠎ᠠ᠄ ᠼ᠂ ᠲᠡᠰᠢᠵᠢᠪᠡᠬᠡ 
        ᠳᠠᠭᠤᠴᠢᠨ᠄ ᠪ᠊᠂ ᠪᠠᠭᠠᠲᠤᠷ 

ᠴᠡᠴᠡᠭ ᠦ᠋ᠨ ᠳᠤᠮᠳᠠ ᠠ᠋ᠴᠠ ᠰᠢᠭᠦᠳᠡᠷᠢ ᠲᠡᠭᠦᠭᠰᠡᠨ ᠪᠦᠰᠡᠭᠦᠢ ᠪᠠᠢᠨ᠎ᠠ ᠬᠦ᠋  
ᠴᠡᠴᠡᠨ ᠮᠡᠷᠭᠡᠨ ᠦᠯᠢᠭᠡᠷ ᠲᠦ᠍ ᠨᠢ ᠢᠳᠡᠭᠡ ᠤᠤ ᠳ᠋ᠠ ᠬᠦ᠋ 
ᠠᠯᠲᠠᠨ ᠨᠠᠷᠠᠨ ᠤ᠋ ᠤᠲᠠᠰᠤ ᠠᠷᠭᠠᠮᠵᠢᠭᠰᠠᠨ ᠰᠢᠭᠦᠳᠡᠷᠢ ᠶ᠋ᠢᠨ ᠤᠰᠤ ᠪᠠᠷ ᠢ᠋ᠶ᠋ᠠᠨ 
ᠠᠴᠢ ᠲᠠᠢ ᠡᠵᠢ ᠳ᠋ᠡᠭᠡᠨ ᠴᠢ ᠪᠡᠨ ᠴᠢᠨᠠᠭᠠᠳ ᠪᠠᠷᠢᠭᠠᠷᠠᠢ ᠳ᠋ᠠ ᠬᠦ᠋ 
ᠰᠢᠭᠦᠳᠡᠷᠢ ᠲᠡᠭᠦᠭᠰᠡᠨ ᠬᠥᠮᠦᠨ ᠦ᠌ ᠦᠷ᠎ᠡ ᠶ᠋ᠢᠨ ᠰᠡᠳᠬᠢᠯ ᠨᠢ ᠠ᠋ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 

ᠡᠪᠡᠰᠦᠨ ᠳᠤᠮᠳᠠ ᠠ᠋ᠴᠠ ᠰᠢᠭᠦᠳᠡᠷᠢ ᠲᠡᠭᠦᠭᠰᠡᠨ ᠪᠦᠰᠡᠭᠦᠢ ᠪᠠᠢᠨ᠎ᠠ ᠬᠦ᠋ 
ᠦᠨᠡᠨ ᠮᠡᠷᠭᠡᠨ ᠦᠯᠢᠭᠡᠷ ᠲᠦ᠍ ᠨᠢ ᠢᠳᠡᠭᠡ ᠤᠤ ᠳ᠋ᠠ ᠬᠦ᠋  
ᠡᠭᠦᠯᠡ ᠦᠭᠡᠢ ᠲᠩᠷᠢ ᠶ᠋ᠢᠨ ᠭᠡᠭᠡ ᠠᠷᠭᠠᠮᠵᠢᠭᠰᠠᠨ ᠰᠢᠭᠦᠳᠡᠷᠢ ᠶ᠋ᠢᠨ ᠤᠰᠤ ᠪᠠᠷ ᠢ᠋ᠶ᠋ᠠᠨ
ᠥᠨᠳᠥᠷ ᠡᠵᠢ ᠳ᠋ᠡᠭᠡᠨ ᠴᠠᠢ ᠪᠠᠨ ᠴᠢᠨᠠᠭᠠᠳ ᠪᠠᠷᠢᠭᠠᠷᠠᠢ ᠳ᠋ᠠ ᠬᠦ᠋  
ᠰᠢᠭᠦᠳᠡᠷᠢ ᠲᠡᠭᠦᠭᠰᠡᠨ ᠬᠥᠮᠦᠨ ᠦ᠌ ᠦᠷ᠎ᠡ ᠶ᠋ᠢᠨ ᠰᠡᠳᠬᠢᠯ ᠨᠢ ᠠ᠋ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 
ᠰᠢᠭᠦᠳᠡᠷᠢ ᠲᠡᠭᠦᠭᠰᠡᠨ ᠬᠥᠮᠦᠨ ᠦ᠌ ᠦᠷ᠎ᠡ ᠶ᠋ᠢᠨ ᠰᠡᠳᠬᠢᠯ ᠨᠢ ᠠ᠋ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 

ᠬᠠᠢᠲᠠᠩ ᠴᠡᠴᠡᠭ ᠡᠴᠡ ᠰᠢᠭᠦᠳᠡᠷᠢ ᠲᠡᠭᠦᠭᠰᠡᠨ ᠪᠦᠰᠡᠭᠦᠢ ᠪᠠᠢᠨ᠎ᠠ ᠬᠦ᠋ 
ᠬᠠᠴᠢᠨ ᠮᠡᠷᠭᠡᠨ ᠦᠯᠢᠭᠡᠷ ᠲᠦ᠍ ᠨᠢ ᠢᠳᠡᠭᠡ ᠤᠤ ᠳ᠋ᠠ ᠬᠦ᠋ 
ᠬᠠᠭᠠᠨ ᠲᠩᠷᠢ ᠶ᠋ᠢᠨ ᠭᠡᠭᠡ ᠨᠠᠷᠠ ᠶ᠋ᠢ ᠠᠷᠭᠠᠮᠵᠢᠭᠰᠠᠨ ᠰᠢᠭᠦᠳᠡᠷᠢ ᠤᠰᠤ ᠪᠠᠷ ᠢ᠋ᠶ᠋ᠠᠨ
ᠬᠠᠲᠤᠨ ᠡᠵᠢ ᠳ᠋ᠡᠭᠡᠨ ᠴᠠᠢ ᠪᠠᠨ ᠴᠢᠨᠠᠭᠠᠳ ᠪᠠᠷᠢᠭᠠᠷᠠᠢ ᠳ᠋ᠠ ᠬᠦ᠋ 
ᠰᠢᠭᠦᠳᠡᠷᠢ ᠲᠡᠭᠦᠭᠰᠡᠨ ᠬᠥᠮᠦᠨ ᠦ᠌ ᠦᠷ᠎ᠡ ᠶ᠋ᠢᠨ ᠰᠡᠳᠬᠢᠯ ᠨᠢ ᠠ᠋ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 
ᠰᠢᠭᠦᠳᠡᠷᠢ ᠲᠡᠭᠦᠭᠰᠡᠨ ᠬᠥᠮᠦᠨ ᠦ᠌ ᠦᠷ᠎ᠡ ᠶ᠋ᠢᠨ ᠰᠡᠳᠬᠢᠯ ᠨᠢ ᠠ᠋ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 
ᠰᠦ᠋ ᠪᠡᠨ ᠬᠥᠬᠥᠭᠰᠡᠨ ᠠᠮᠢᠨ ᠬᠠᠢᠷ᠎ᠠ ᠶ᠋ᠢᠨ ᠢᠲᠡᠭᠡᠯ ᠭᠡᠨ᠎ᠡ ᠯᠠᠢ ᠬᠦ᠋ 

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ