ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ -ᠲᠩᠷᠢДодомтой айлын томготой хүүхэд-Тэнгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ -ᠲᠩᠷᠢДодомтой айлын томготой хүүхэд-Тэнгэр

ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ -ᠲᠩᠷᠢДодомтой айлын томготой хүүхэд-Тэнгэр

ᠠᠩᠭᠢᠯᠠᠯ:ᠳᠠᠭᠤᠤ ᠬᠥᠭᠵᠢᠮ
2026-05-23

64

ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ


           ᠦᠭᠡ ᠄ᠡᠷᠬᠢᠮᠵᠢᠷᠭᠠᠯ 
           ᠠᠶ᠎ᠠ ᠄ ᠲᠡᠭᠷᠢ 
           ᠳᠠᠭᠤᠴᠢᠨ ᠄ᠲᠡᠭᠷᠢ 

ᠲᠠᠩᠰᠤᠭ ᠶᠤ᠌ ᠦᠭᠡ ᠬᠡᠯᠡ ᠪᠡᠨ ᠬᠠᠢᠷᠠᠯᠠᠵᠤ ᠶᠠᠪᠤᠭᠠᠷᠠᠢ 
ᠳᠠᠯᠠᠢ ᠶᠣ᠌ ᠦᠯᠢᠭᠡᠷ ᠨᠣᠮ ᠢ᠋ᠶ᠋ᠠᠨ ᠦᠵᠡᠵᠦ ᠶᠠᠪᠤᠭᠠᠷᠠᠢ 
ᠪᠣᠰᠤᠭ᠎ᠠ ᠶᠤ᠌ ᠪᠢᠴᠢᠭ ᠰᠣᠶᠣᠯ ᠢ᠋ᠶ᠋ᠠᠨ ᠰᠤᠷᠴᠤ ᠶᠠᠪᠤᠭᠠᠷᠠᠢ 
ᠪᠤᠭᠤᠷᠤᠯ ᠶᠣ᠌ ᠲᠡᠦᠬᠡ  ᠶᠦ᠍ᠭᠡᠨ ᠴᠡᠭᠡᠵᠢᠯᠡᠵᠦ ᠶᠠᠪᠤᠭᠠᠷᠠᠢ 

ᠲᠣᠭᠯᠠᠵᠤ ᠪᠠᠢᠭᠠᠳ ᠬᠥᠮᠦᠨ ᠪᠣᠯᠳᠠᠭ ᠶᠤᠮ ᠠ᠋ 
ᠤᠷᠤᠯᠳᠤᠵᠤ ᠪᠠᠢᠭᠠᠳ ᠣᠯᠠᠨ ᠠ᠋ᠴᠠ ᠣᠷᠣᠢᠯᠠᠳᠠᠭ ᠶᠤᠮ ᠠ᠋ 
ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ
ᠢᠩᠭᠢᠵᠦ ᠯᠡ ᠥᠰᠳᠡᠭ ᠶᠦ᠍ᠮ ᠠ᠋

ᠳᠡᠭᠡᠳᠦᠰ ᠦ᠋ᠨ ᠰᠤᠷᠭᠠᠯ  ᠨᠠᠨᠳᠢᠩᠬᠠᠨ ᠪᠡᠯᠡᠭ ᠶᠤᠮ ᠠ᠋ ᠬᠦᠢ
ᠲᠥᠷᠥᠭᠰᠡᠨ ᠨᠤᠲᠤᠭ ᠮᠢᠨᠢ ᠬᠠᠯᠠᠭᠤᠬᠠᠨ ᠥᠯᠥᠭᠡᠢ ᠶᠤᠮ ᠠ᠋
ᠲᠥᠷᠥᠯ ᠶᠤ᠌ ᠰᠠᠳᠤᠨ ᠲᠦᠪᠰᠢᠨ ᠵᠢᠷᠭᠠᠯ ᠲᠠᠢ
ᠲᠩᠷᠢᠯᠢᠭ ᠤᠭᠰᠠᠭ᠎ᠠ ᠮᠢᠨᠢ ᠮᠥᠩᠬᠡᠷᠡᠬᠦ ᠵᠠᠶᠠᠭ᠎ᠠ ᠲᠠᠢ

ᠬᠠᠨᠠᠨ ᠭᠡᠷ ᠲᠦ᠍ ᠪᠡᠨ ᠬᠠᠮᠤᠭ ᠤ᠋ᠨ ᠰᠣᠳᠣ ᠶᠤᠮ ᠠ᠋
ᠬᠠᠭᠠᠨ ᠨᠢᠷᠤᠭᠤᠨ ᠠ᠋ᠴᠠ ᠬᠣᠷᠸ᠎ᠠ ᠳ᠋ᠤ᠌ ᠨᠢᠰᠳᠡᠭ ᠶᠤᠮ
ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ
ᠢᠩᠭᠢᠵᠦ ᠯᠡ ᠥᠰᠳᠡᠭ ᠶᠤᠮ ᠠ᠋

ᠰᠦᠮᠪᠦᠷ ᠠᠭᠤᠯᠠ ᠬᠠᠢᠷᠬᠠᠨ ᠢ᠋ᠶ᠋ᠠᠨ ᠬᠦᠨᠳᠦᠳᠬᠡᠵᠦ ᠶᠠᠪᠤᠭᠠᠷᠠᠢ
ᠰᠦᠵᠢᠭᠲᠦ᠍ ᠣᠪᠣᠭ᠎ᠠ ᠣᠩᠭᠣᠳ ᠢ᠋ᠶ᠋ᠠᠨ ᠲᠠᠬᠢᠵᠤ ᠶᠠᠪᠤᠭᠠᠷᠠᠢ
ᠭᠡᠭᠡᠨ ᠮᠥᠩᠬᠡ ᠭᠠᠯ ᠢ᠋ᠶ᠋ᠠᠨ ᠰᠢᠲᠦᠵᠦ ᠶᠠᠪᠤᠭᠠᠷᠠᠢ
ᠭᠡᠷᠡᠯᠲᠦ ᠠᠯᠲᠠᠨ ᠰᠣᠶᠣᠯ ᠢ᠋ᠶ᠋ᠠᠨ ᠮᠠᠨᠳᠤᠭᠤᠯᠵᠤ ᠶᠠᠪᠤᠭᠠᠷᠠᠢ

ᠤᠳᠤᠮ ᠢ᠋ᠶ᠋ᠠᠨ ᠳᠠᠭᠠᠵᠤ ᠬᠥᠮᠦᠵᠢᠭᠳᠡᠳᠡᠭ ᠶᠤᠮ ᠠ᠋
ᠤᠭᠰᠠᠭ᠎ᠠ ᠪᠠᠨ ᠳᠠᠭᠤᠷᠢᠶᠠᠵᠤ ᠪᠣᠢᠵᠢᠳᠠᠭ ᠶᠤᠮ ᠠ᠋
ᠳᠣᠳᠣᠮ ᠲᠠᠢ ᠠᠢᠯ ᠤ᠋ᠨ ᠲᠣᠮᠣᠭ᠎ᠠ ᠲᠠᠢ ᠬᠡᠦᠬᠡᠳ
ᠢᠩᠭᠢᠵᠦ ᠯᠡ ᠥᠰᠳᠡᠭ ᠶᠦ᠍ᠮ ᠠ᠋

        ᠢᠷᠡᠯᠲᠡ᠄  ᠦᠦᠰᠢᠨ ᠮᠣᠩᠭᠣᠯ ᠨᠡᠢᠲᠡᠯᠡᠯ
        ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
        ᠬᠢᠨᠠᠭᠴᠢ ᠄ ᠮᠥᠴᠢᠷ᠂ ᠢᠷᠡᠭᠡᠳᠦᠢ