ᠱᠠᠩᠳᠤ ᠶ᠋ᠢᠨ ᠰᠠᠢᠬᠠᠨ ᠪᠦᠰᠡᠭᠦᠢ- ᠱᠠᠷᠠᠢᠳ ᠭᠡᠷᠡᠯ Шантийн сайхан бүсгүй-Шарайд Гэрэл
ᠱᠠᠩᠳᠤ ᠶ᠋ᠢᠨ ᠰᠠᠢᠬᠠᠨ ᠪᠦᠰᠡᠭᠦᠢ
ᠦᠭᠡ᠄ ᠦ᠊· ᠡᠷᠳᠡᠮᠲᠦ
ᠠᠶ᠎ᠠ᠄ ᠱᠠᠷᠠᠢᠳ ᠭᠡᠷᠡᠯ
ᠳᠠᠭᠤᠴᠢᠨ᠄ ᠱᠠᠷᠠᠢᠳ ᠭᠡᠷᠡᠯ
ᠬᠥᠬᠡ ᠱᠠᠩᠳᠤ ᠶ᠋ᠢᠨ ᠭᠣᠣᠯ ᠨᠢ ᠬᠦᠷᠡᠩ ᠠᠭᠤᠯᠠᠰ ᠢ᠋ᠶ᠋ᠠᠨ ᠳᠤᠯᠢᠳᠠᠨᠠ
ᠦᠨᠡᠨ ᠬᠠᠢᠷ᠎ᠠ ᠶ᠋ᠢ ᠪᠤᠯᠢᠶᠠᠭᠰᠠᠨ ᠬᠥᠮᠦᠨ ᠦ᠌ ᠨᠢᠭᠡᠨ ᠦᠷ᠎ᠡ ᠮᠢᠨᠢ
ᠱᠠᠩᠳᠤ ᠶ᠋ᠢᠨ ᠰᠠᠢᠬᠠᠨ ᠪᠦᠰᠡᠭᠦᠢ ᠰᠡᠳᠬᠢᠯ ᠦ᠋ᠨ ᠲᠣᠯᠳᠤᠨ ᠳ᠋ᠤ᠌ ᠪᠥᠵᠢᠭᠯᠡᠨ᠎ᠡ
ᠰᠠᠨᠠᠭ᠎ᠠ ᠪᠣᠳᠣᠯ ᠬᠦᠭᠯᠡᠭᠳᠡᠭᠡᠳ ᠱᠠᠩᠳᠤ ᠶ᠋ᠢᠨ ᠭᠣᠣᠯ ᠰᠢᠭ᠋ ᠮᠦᠰᠢᠶᠡᠨ᠎ᠡ
ᠰᠢᠷ᠎ᠠ ᠲᠠᠯ᠎ᠠ ᠶ᠋ᠢᠨ ᠡᠯᠢᠭᠡᠨ ᠳ᠋ᠦ᠍ ᠠᠯᠲᠠᠩᠬᠤᠡ ᠴᠡᠴᠡᠭ ᠨᠢ ᠳᠡᠷᠪᠡᠨ᠎ᠡ
ᠰᠠᠨᠠᠭᠰᠠᠨ ᠬᠦᠰᠡᠯ ᠦ᠋ᠨ ᠣᠷᠭᠢᠯ ᠳ᠋ᠤ᠌ ᠰᠠᠢᠬᠠᠨ ᠵᠥᠩᠨᠡᠯ ᠤᠴᠢᠷᠯᠠᠨ᠎ᠠ
ᠱᠠᠩᠳᠤ ᠶ᠋ᠢᠨ ᠬᠥᠭᠡᠷᠦᠬᠦᠨ ᠪᠦᠰᠡᠭᠦᠢ ᠳ᠋ᠦ᠍ ᠳᠤᠷᠠᠯᠠᠯ ᠤ᠋ᠨ ᠵᠢᠯᠣᠭᠣ ᠠᠯᠳᠠᠷᠠᠨ᠎ᠠ
ᠳᠣᠮᠣᠭ ᠤ᠋ᠨ ᠬᠡᠦᠬᠡᠨ ᠬᠠᠢᠷᠬᠠᠨ ᠱᠠᠩᠳᠤ ᠶ᠋ᠢᠨ ᠲᠠᠯ᠎ᠠ ᠳ᠋ᠤ᠌ ᠪᠠᠨ ᠰᠦᠨᠳᠡᠷᠯᠡᠨ᠎ᠡ
ᠬᠤᠷᠠᠬᠤ ᠶ᠋ᠢᠨ ᠠᠭᠤᠯᠠ ᠶ᠋ᠢᠨ ᠨᠦᠮᠵᠦᠭ ᠱᠠᠩᠳᠤ ᠶ᠋ᠢᠨ ᠭᠣᠣᠯ ᠢ᠋ᠶ᠋ᠠᠨ ᠪᠠᠷᠠᠯᠠᠨ᠎ᠠ
ᠱᠠᠩᠳᠤ ᠶ᠋ᠢᠨ ᠭᠣᠣᠯ ᠤ᠋ᠨ ᠪᠦᠰᠡᠭᠦᠢ ᠰᠠᠴᠤᠯᠢ ᠡᠷᠭᠦᠨ ᠨᠠᠮᠠᠨᠴᠢᠯᠠᠨ᠎ᠠ
ᠱᠠᠩᠳᠤ ᠶ᠋ᠢᠨ ᠰᠠᠢᠬᠠᠨ ᠪᠦᠰᠡᠭᠦᠢ ᠠᠮᠢᠳᠤᠷᠠᠯ ᠤ᠋ᠨ ᠬᠡᠢᠮᠣᠷᠢ ᠳᠠᠯᠠᠯᠤᠨ᠎ᠠ
ᠠᠯᠠᠭ ᠦᠷ᠎ᠡ ᠶ᠋ᠢᠨ ᠪᠦᠪᠡᠢ ᠳ᠋ᠦ᠍ ᠱᠠᠩᠳᠤ ᠶ᠋ᠢᠨ ᠭᠣᠣᠯ ᠨᠢ ᠮᠡᠯᠮᠡᠷᠡᠨ᠎ᠡ
ᠱᠠᠩᠳᠤ ᠶ᠋ᠢᠨ ᠰᠠᠢᠬᠠᠨ ᠪᠦᠰᠡᠭᠦᠢ ᠠᠮᠢᠳᠤᠷᠠᠯ ᠤ᠋ᠨ ᠬᠡᠢᠮᠣᠷᠢ ᠳᠠᠯᠠᠯᠤᠨ᠎ᠠ
ᠠᠯᠠᠭ ᠦᠷ᠎ᠡ ᠶ᠋ᠢᠨ ᠪᠦᠪᠡᠢ ᠳ᠋ᠦ᠍ ᠱᠠᠩᠳᠤ ᠶ᠋ᠢᠨ ᠭᠣᠣᠯ ᠨᠢ ᠮᠡᠯᠮᠡᠷᠡᠨ᠎ᠡ
ᠱᠠᠩᠳᠤ ᠶ᠋ᠢᠨ ᠰᠠᠢᠬᠠᠨ ᠪᠦᠰᠡᠭᠦᠢ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠦᠰᠦᠭ ᠬᠠᠳᠠᠭᠴᠢ᠄ ᠪᠦᠷᠢᠨᠵᠢᠷᠭᠠᠯ
ᠬᠢᠨᠠᠭᠴᠢ᠄ ᠣᠳᠬᠤᠩᠬᠤᠸᠠᠷ ᠡᠷᠳᠡᠨᠢᠪᠢᠯᠢᠭ
