ᠮᠢᠨᠦ ᠰᠢᠬᠦᠷᠲᠦ ᠶ᠋ᠢᠨ ᠴᠠᠭᠠᠨ -ᠰᠦᠷᠯᠢᠭMinii shükhertiin tsagaan-SürlegМиний шүхэртийн цагаан-Сүрлэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠰᠢᠬᠦᠷᠲᠦ ᠶ᠋ᠢᠨ ᠴᠠᠭᠠᠨ -ᠰᠦᠷᠯᠢᠭMinii shükhertiin tsagaan-SürlegМиний шүхэртийн цагаан-Сүрлэг

ᠮᠢᠨᠦ ᠰᠢᠬᠦᠷᠲᠦ ᠶ᠋ᠢᠨ ᠴᠠᠭᠠᠨ -ᠰᠦᠷᠯᠢᠭMinii shükhertiin tsagaan-SürlegМиний шүхэртийн цагаан-Сүрлэг

ᠠᠩᠭᠢᠯᠠᠯ:ᠳᠠᠭᠤᠤ ᠬᠥᠭᠵᠢᠮ
2026-05-23

32

ᠮᠢᠨᠦ ᠰᠢᠬᠦᠷᠲᠦ ᠶ᠋ᠢᠨ ᠴᠠᠭᠠᠨ


        ᠦᠭᠡ᠄ ᠷᠢ᠊ · ᠰᠡᠴᠡᠨᠴᠣᠭᠲᠤ  
        ᠠᠶ᠎ᠠ᠄ ᠰᠦᠬᠡᠪᠠᠭᠠᠲᠤᠷ 
        ᠳᠠᠭᠤᠴᠢᠨ᠄ ᠰᠦᠷᠯᠢᠭ 

ᠡᠷᠳᠡᠮᠲᠦ ᠪᠯᠠᠮ᠎ᠠ  ᠶ᠋ᠢᠨ ᠬᠠᠢᠷᠠᠯᠠᠭᠰᠠᠨ ᠨᠡᠷ᠎ᠡ ᠨᠢ ᠰᠢᠬᠦᠷᠲᠦ ᠶ᠋ᠢᠨ ᠴᠠᠭᠠᠨ 
ᠡᠨᠳᠡ ᠲᠡᠨᠳᠡ ᠡᠴᠡ ᠪᠡᠨ ᠰᠦᠨᠳᠡᠷᠯᠡᠨ ᠬᠠᠷᠠᠭᠳᠠᠭᠴᠢ ᠰᠢᠬᠦᠷᠲᠦ ᠶ᠋ᠢᠨ ᠴᠠᠭᠠᠨ 
ᠡᠷᠲᠡᠨ ᠦ᠌ ᠶᠡᠬᠡ ᠰᠢᠷ᠎ᠠ ᠨᠥᠮᠥᠷᠭᠡᠲᠦ ᠰᠢᠬᠦᠷᠲᠦ ᠶ᠋ᠢᠨ ᠴᠠᠭᠠᠨ 
ᠡᠯᠳᠡᠪ ᠪᠠᠷᠴᠢᠳ ᠢ᠋ ᠦᠯᠳᠡᠨ ᠵᠠᠢᠯᠠᠭᠤᠯᠤᠭᠴᠢ ᠰᠢᠬᠦᠷᠲᠦ ᠶ᠋ᠢᠨ ᠴᠠᠭᠠᠨ 
 
ᠰᠢᠬᠦᠷᠲᠦ ᠶ᠋ᠢᠨ ᠴᠠᠭᠠᠨ ᠤ᠋ ᠰᠢᠷ᠎ᠠ ᠪᠤᠷᠭᠠᠰᠤᠨ ᠳ᠋ᠤ᠌ 
ᠭᠥᠷᠥᠭᠡᠰᠦ ᠮᠥᠭᠡᠷᠡᠬᠦ ᠪᠡᠷ ᠨᠠᠮᠤᠷ ᠪᠣᠯᠳᠠᠭ ᠶᠤᠮ ᠠ᠋ 
ᠰᠢᠬᠦᠷᠲᠦ ᠶ᠋ᠢᠨ ᠴᠠᠭᠠᠨ ᠤ᠋ ᠬᠥᠬᠡ ᠬᠠᠢᠯᠠᠰᠤᠨ ᠳ᠋ᠤ᠌
ᠬᠥᠬᠥᠭᠡ ᠳᠣᠩᠭᠣᠳᠬᠤ ᠪᠠᠷ ᠵᠤᠨ ᠪᠣᠯᠳᠠᠭ ᠶᠤᠮ ᠠ᠋

ᠪᠦᠯᠢᠶᠡᠨ ᠬᠠᠪᠤᠷ ᠢ᠋ᠶ᠋ᠠᠷ ᠰᠢᠮᠡᠯᠳᠡᠭ ᠢ᠋ᠶ᠋ᠡᠨ ᠥᠭᠳᠡᠭ ᠰᠢᠬᠦᠷᠲᠦ ᠶ᠋ᠢᠨ ᠴᠠᠭᠠᠨ
ᠪᠤᠭᠤᠷᠤᠯ ᠨᠠᠮᠤᠷ ᠨᠢ ᠮᠣᠢᠯ ᠢ᠋ᠶ᠋ᠠᠨ ᠥᠭᠳᠡᠭ ᠰᠢᠬᠦᠷᠲᠦ ᠶ᠋ᠢᠨ ᠴᠠᠭᠠᠨ
ᠬᠥᠬᠦᠭᠡᠨ ᠵᠤᠨ ᠢ᠋ᠶ᠋ᠠᠷ ᠰᠢᠬᠡᠷᠡᠭᠡᠨ᠎ᠡ ᠪᠡᠨ ᠥᠭᠳᠡᠭ ᠰᠢᠬᠦᠷᠲᠦ ᠶ᠋ᠢᠨ ᠴᠠᠭᠠᠨ
ᠬᠥᠯᠳᠡᠭᠦᠦ ᠡᠪᠦᠯ ᠨᠢ ᠲᠥᠮᠥᠰᠥ ᠪᠡᠨ ᠥᠭᠳᠡᠭ ᠰᠢᠬᠦᠷᠲᠦ ᠶ᠋ᠢᠨ ᠴᠠᠭᠠᠨ

ᠰᠢᠬᠦᠷᠲᠦ ᠶ᠋ᠢᠨ ᠴᠠᠭᠠᠨ ᠤ᠋ ᠪᠤᠷᠤᠭᠤ ᠬᠠᠵᠠᠭᠤ ᠳ᠋ᠤ᠌
ᠲᠠᠰᠬᠢ ᠴᠡᠴᠡᠭᠯᠡᠬᠦ ᠪᠡᠷ ᠬᠠᠪᠤᠷ ᠪᠣᠯᠳᠠᠭ ᠶᠤᠮ ᠠ᠋
ᠰᠢᠬᠦᠷᠲᠦ ᠶ᠋ᠢᠨ ᠴᠠᠭᠠᠨ ᠤ᠋ ᠪᠣᠷᠣ ᠰᠢᠪᠠᠭ ᠲᠤ᠌
ᠦᠨᠡᠭᠡ ᠴᠠᠩᠲᠠᠬᠤ ᠪᠠᠷ ᠡᠪᠦᠯ ᠪᠣᠯᠳᠠᠭ ᠶᠤᠮ ᠠ᠋

ᠮᠠᠩᠬ᠎ᠠ ᠮᠠᠩᠬᠠᠨ ᠤ᠋ ᠳᠤᠮᠳᠠ ᠠ᠋ᠴᠠ ᠮᠠᠨ ᠤ᠋ ᠰᠢᠬᠦᠷᠲᠦ ᠶ᠋ᠢᠨ ᠴᠠᠭᠠᠨ ᠥᠨᠳᠥᠷ
ᠮᠠᠯ ᠤ᠋ᠨ ᠴᠤᠪᠤᠭ᠎ᠠ ᠶ᠋ᠢ ᠳᠠᠭᠠᠭᠠᠳ ᠰᠠᠨᠰᠠᠷ ᠤ᠋ᠨ ᠭᠦᠨ ᠳ᠋ᠦ᠍ ᠥᠭᠰᠥᠳᠡᠭ ᠳᠡ
ᠰᠢᠬᠦᠷᠲᠦ ᠶ᠋ᠢᠨ ᠴᠠᠭᠠᠨ ᠳᠡᠭᠡᠷ᠎ᠡ ᠡᠴᠡ ᠪᠤᠷᠬᠠᠨ ᠬᠠᠯᠳᠤᠨ ᠬᠠᠷᠠᠭᠳᠠᠨ᠎ᠠ
ᠰᠢᠬᠦᠷᠲᠦ ᠶ᠋ᠢᠨ ᠴᠠᠭᠠᠨ ᠳᠡᠭᠡᠷ᠎ᠡ ᠡᠴᠡ ᠹᠤᠵᠢ ᠠᠭᠤᠯᠠ ᠦᠵᠡᠭᠳᠡᠨ᠎ᠡ

ᠰᠠᠨᠰᠠᠷ ᠤ᠋ᠨ ᠭᠦᠨ ᠡᠴᠡ ᠰᠠᠨᠠᠨ ᠬᠠᠷᠠᠬᠤ ᠳ᠋ᠤ᠌
ᠰᠦᠨ ᠴᠠᠭᠠᠨ ᠮᠠᠩᠨᠠᠶ᠋ᠢᠲᠤ ᠰᠢᠬᠦᠷᠲᠦ ᠶ᠋ᠢᠨ ᠴᠠᠭᠠᠨ
ᠰᠠᠷᠠᠨ ᠤ᠋ ᠮᠥᠩᠭᠥᠨ ᠲᠤᠶᠠᠭ᠎ᠠ ᠣᠢᠭᠰᠠᠨ
ᠰᠦᠮᠪᠦᠷ ᠠᠭᠤᠯᠠ ᠮᠢᠨᠢ ᠰᠢᠬᠦᠷᠲᠦ ᠶ᠋ᠢᠨ ᠴᠠᠭᠠᠨ

ᠰᠠᠨᠰᠠᠷ ᠤ᠋ᠨ ᠭᠦᠨ ᠡᠴᠡ ᠰᠠᠨᠠᠨ ᠬᠠᠷᠠᠬᠤ ᠳ᠋ᠤ᠌
ᠰᠦᠨ ᠴᠠᠭᠠᠨ ᠮᠠᠩᠨᠠᠶ᠋ᠢᠲᠤ  ᠰᠢᠬᠦᠷᠲᠦ ᠶ᠋ᠢᠨ ᠴᠠᠭᠠᠨ
ᠰᠠᠷᠠᠨ ᠤ᠋ ᠮᠥᠩᠭᠥᠨ ᠲᠤᠶᠠᠭ᠎ᠠ ᠣᠢᠭᠰᠠᠨ
ᠰᠦᠮᠪᠦᠷ ᠠᠭᠤᠯᠠ ᠮᠢᠨᠢ ᠰᠢᠬᠦᠷᠲᠦ ᠶ᠋ᠢᠨ ᠴᠠᠭᠠᠨ
ᠰᠦᠮᠪᠦᠷ ᠠᠭᠤᠯᠠ ᠮᠢᠨᠢ ᠰᠢᠬᠦᠷᠲᠦ ᠶ᠋ᠢᠨ ᠴᠠᠭᠠᠨ

     ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
     ᠦᠰᠦᠭ ᠬᠠᠳᠠᠭᠴᠢ᠄ ᠪᠠᠢ᠂ ᠰᠠᠷᠠᠨ᠎ᠠ
     ᠬᠢᠨᠠᠭᠴᠢ᠄ ᠰᠣᠨᠢᠨᠪᠠᠶᠠᠷ