ᠬᠥᠳᠡᠭᠡ ᠳᠠᠭᠤᠳᠠᠵᠤ ᠪᠠᠢᠨ᠎ᠠ -ᠠᠨᠠᠷ Huduu duudaj baina-AnarХөдөө дуудаж байна-Анар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠭᠡ ᠳᠠᠭᠤᠳᠠᠵᠤ ᠪᠠᠢᠨ᠎ᠠ -ᠠᠨᠠᠷ Huduu duudaj baina-AnarХөдөө дуудаж байна-Анар

ᠬᠥᠳᠡᠭᠡ ᠳᠠᠭᠤᠳᠠᠵᠤ ᠪᠠᠢᠨ᠎ᠠ -ᠠᠨᠠᠷ Huduu duudaj baina-AnarХөдөө дуудаж байна-Анар

ᠠᠩᠭᠢᠯᠠᠯ:ᠳᠠᠭᠤᠤ ᠬᠥᠭᠵᠢᠮ
2026-05-22

193

ᠬᠥᠳᠡᠭᠡ ᠳᠠᠭᠤᠳᠠᠵᠤ ᠪᠠᠢᠨ᠎ᠠ


              ᠦᠭᠡ᠄ ᠠ᠊·ᠳᠠᠸᠠᠬᠦᠦ 
              ᠠᠶ᠎ᠠ᠄ ᠳᠠᠸᠠ 
              ᠳᠠᠭᠤᠴᠢᠨ᠄ ᠪᠣᠷᠤᠬᠦᠦ ᠶ᠋ᠢᠨ ᠠᠨᠠᠷ 

ᠪᠠᠯ ᠤ᠋ᠨ ᠠᠯᠠᠭ ᠴᠡᠴᠡᠭ ᠦ᠋ᠳ ᠵᠢᠭᠳᠡᠷᠡᠭᠡᠳ 
ᠪᠠᠢᠭᠠᠯᠢ ᠶ᠋ᠢᠨ ᠰᠠᠢᠬᠠᠨ  ᠨᠢᠳᠦᠨ᠎ᠡ  ᠲᠤᠰᠤᠨ᠎ᠠ 
ᠪᠤᠮᠠᠨ ᠰᠦᠷᠦᠭ ᠦ᠋ᠳ ᠪᠡᠯᠴᠢᠭᠡᠷ  ᠲᠦ᠍ ᠨᠠᠯᠠᠢᠭᠰᠠᠨ 
ᠪᠠᠶᠠᠨ ᠲᠠᠩᠰᠤᠭ ᠬᠥᠳᠡᠭᠡ ᠤᠨᠢᠶᠠᠷᠲᠤᠨ᠎ᠠ 

ᠡᠩᠭᠡᠷ ᠦ᠋ᠨ ᠴᠡᠴᠡᠭ ᠦ᠋ᠳ ᠠᠯᠠᠭᠯᠠᠨ ᠨᠠᠢᠭᠤᠭᠠᠳ 
ᠡᠷᠳᠡᠨᠢ ᠶ᠋ᠢᠨ ᠲᠦᠮᠡᠨ ᠰᠦᠷᠦᠭ ᠦ᠋ᠳ ᠪᠡᠯᠴᠢᠨ᠎ᠡ 
ᠡᠷᠳᠡᠮ ᠦ᠋ᠨ ᠰᠠᠷᠠᠭᠤᠯ ᠲᠠᠩᠬᠢᠮ ᠠ᠋ᠴᠠ ᠪᠢᠳᠡᠨ ᠢ᠋
ᠡᠩᠬᠡ ᠶ᠋ᠢᠨ ᠰᠠᠷᠠᠭᠤᠯ ᠬᠥᠳᠡᠭᠡ ᠳᠠᠭᠤᠳᠠᠨ᠎ᠠ
ᠡᠩᠬᠡ ᠶ᠋ᠢᠨ ᠰᠠᠷᠠᠭᠤᠯ ᠬᠥᠳᠡᠭᠡ ᠳᠠᠭᠤᠳᠠᠨ᠎ᠠ

ᠲᠠᠯ᠎ᠠ ᠶ᠋ᠢᠨ ᠡᠩᠭᠡᠷ ᠲᠦᠮᠡᠨ ᠰᠦᠷᠦᠭ ᠦ᠋ᠳ
ᠲᠩᠷᠢ ᠶ᠋ᠢᠨ ᠣᠳᠣ ᠰᠢᠭ᠋ ᠴᠠᠢᠷᠠᠨ ᠪᠦᠷᠬᠦᠨ᠎ᠡ
ᠲᠠᠩᠬᠢᠯ ᠨᠠᠰᠤᠨ ᠤ᠋ ᠬᠠᠯᠠᠭᠤᠨ ᠬᠦᠰᠡᠯ ᠢ᠋ᠶ᠋ᠡᠷ ᠢ᠋ᠶ᠋ᠡᠨ
ᠲᠡᠨᠢᠭᠦᠨ ᠬᠥᠳᠡᠭᠡ ᠲᠡᠮᠡᠦᠯᠵᠦ ᠪᠠᠢᠨ᠎ᠠ

ᠬᠤᠪᠢ ᠲᠠᠢ ᠵᠠᠯᠠᠭᠤ ᠨᠠᠰᠤᠨ ᠤ᠋ ᠪᠠᠨ ᠬᠡᠢᠮᠣᠷᠢ ᠶ᠋ᠢ
ᠬᠤᠷᠳᠤᠨ ᠬᠦᠯᠦᠭ ᠦ᠋ᠨ ᠵᠣ ᠳᠡᠭᠡᠷ᠎ᠡ ᠰᠡᠷᠭᠦᠭᠡᠵᠦ
ᠮᠢᠩᠭᠠᠨ ᠰᠦᠷᠦᠭ ᠦ᠋ᠨ ᠡᠵᠡᠨ ᠪᠣᠯᠵᠤ
ᠮᠢᠨᠦ ᠠᠷᠢᠭᠤᠨ ᠬᠦᠰᠡᠯᠡᠩ ᠪᠠᠢᠨ᠎ᠠ
ᠮᠢᠨᠦ ᠠᠷᠢᠭᠤᠨ ᠬᠦᠰᠡᠯᠡᠩ ᠪᠠᠢᠨ᠎ᠠ
ᠪᠠᠶᠠᠨ ᠲᠠᠩᠰᠤᠭ ᠬᠥᠳᠡᠭᠡ ᠳᠠᠭᠤᠳᠠᠨ᠎ᠠ!

     ᠺᠢᠷᠢᠯ ᠡᠴᠡ ᠬᠥᠷᠪᠡᠭᠦᠯᠦᠭᠰᠡᠨ ᠨᠢ᠄ ᠰᠣᠨᠢᠨᠪᠠᠶᠠᠷ 
     ᠦᠰᠦᠭ ᠬᠠᠳᠠᠭᠴᠢ᠄ ᠪᠠᠢ᠂ ᠰᠠᠷᠠᠨ᠎ᠠ
     ᠬᠢᠨᠠᠭᠴᠢ᠄  ᠰᠣᠨᠢᠨᠪᠠᠶᠠᠷ