ᠯᠤᠢᠪᠠᠷᠴᠢᠨ-ᠠᠷᠭᠢᠪ ᠱᠠᠭᠵᠢ ᠭᠡᠯᠦᠩЛуйварчин-Аргив шагж гэлэн ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠤᠢᠪᠠᠷᠴᠢᠨ-ᠠᠷᠭᠢᠪ ᠱᠠᠭᠵᠢ ᠭᠡᠯᠦᠩЛуйварчин-Аргив шагж гэлэн

ᠯᠤᠢᠪᠠᠷᠴᠢᠨ-ᠠᠷᠭᠢᠪ ᠱᠠᠭᠵᠢ ᠭᠡᠯᠦᠩЛуйварчин-Аргив шагж гэлэн

2026-05-18

127

ᠯᠤᠢᠪᠠᠷᠴᠢᠨ 

ᠮᠣᠩᠭᠣᠯ ᠤᠯᠤᠰ ᠤ᠋ᠨ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠴᠤᠭᠯᠠᠷᠠᠭᠰᠠᠨ ᠶᠡᠬᠡ ᠪᠠᠭ᠎ᠠ ᠯᠤᠢᠪᠠᠷᠴᠢᠳ ᠠᠮᠢᠳᠤᠷᠠᠳᠠᠭ ᠭᠠᠵᠠᠷ ᠢ᠋ ᠤᠯᠠᠭᠠᠨᠪᠠᠭᠠᠲᠤᠷ ᠭᠡᠳᠡᠭ ᠪᠢᠯᠡ᠂ ᠡᠳᠡᠭᠡᠷ ᠨᠢᠭᠡ ᠰᠠᠶ᠎ᠠ ᠭᠠᠷᠤᠢ ᠯᠤᠢᠪᠠᠷᠴᠢᠨ ‍ᠤ ᠨᠢᠭᠡ ᠨᠢ ᠪᠢ ᠪᠢᠯᠡ᠃ ᠠᠩᠬ᠎ᠠ ᠪᠢ ᠰᠣᠼᠢᠶᠠᠯᠢᠰᠮ ᠪᠤᠶᠤ  ᠮᠢᠩᠭ᠎ᠠ ᠶᠢᠰᠦᠨ ᠵᠠᠭᠤ ᠨᠠᠶᠠᠭᠠᠳ ᠣᠨ ᠤ᠋ ᠡᠬᠢ ᠪᠡᠷ ᠪᠠᠷᠠᠭᠤᠨ ᠭᠠᠷ ᠲᠤ᠌ ᠪᠠᠨ ᠨᠢᠭᠡ ᠶᠠᠭᠤᠮ᠎ᠠ ᠠᠳᠬᠤᠵᠤ ᠲᠥᠷᠥᠭᠰᠡᠨ ᠨᠢ ᠰᠠᠯᠠᠭᠠᠪᠴᠢ ᠪᠠᠢᠭᠰᠠᠨ ᠭᠡᠳᠡᠭ᠃ ᠪᠠᠭᠰᠢ ᠨᠠᠷ ᠤ᠋ᠨ ᠴᠠᠯᠢᠩ ᠢ᠋ ᠠᠷᠢᠬᠢ ᠪᠠᠷ ᠲᠠᠯᠪᠢᠵᠤ᠂ ᠬᠡᠦᠬᠡᠳ ᠦ᠋ᠳ ᠭᠠᠯᠯᠠᠭ᠎ᠠ ᠲᠠᠢ ᠠᠩᠭᠢ ᠳ᠋ᠤ᠌ ᠰᠤᠷᠴᠤ᠂ ᠬᠦᠨᠡᠰᠦ ᠺᠠᠷᠲ ᠢ᠋ᠶ᠋ᠠᠷ ᠲᠠᠷᠬᠠᠭᠠᠳᠠᠭ ᠪᠠᠢᠪᠠ᠃ ᠪᠡᠶ᠎ᠡ ᠶ᠋ᠢᠨ ᠲᠠᠮᠢᠷ᠂ᠭᠠᠳᠠᠭᠠᠳᠤ ᠬᠡᠯᠡ᠂ ᠰᠣᠶᠣᠯ ᠤ᠋ᠨ ᠬᠢᠴᠢᠶᠡᠯ ᠨᠤᠭᠦᠳ  ᠵᠢᠭᠠᠬᠤ ᠪᠠᠭᠰᠢ ᠦᠭᠡᠢ ᠪᠠᠢᠪᠠ᠃ ᠮᠣᠩᠭᠣᠯ ᠪᠢᠴᠢᠭ᠂ ᠯᠠᠲ᠋ᠢᠨ ᠪᠢᠴᠢᠭ ᠬᠣᠶᠠᠷ ᠲᠤ᠌  ᠰᠠᠮᠠᠷᠠᠭᠤᠯᠪᠠ᠃ ᠮᠣᠩᠭᠣᠯ ᠬᠡᠯᠡ ᠪᠡᠨ ᠠᠰᠠᠷ ᠮᠠᠭᠤ ᠰᠤᠷᠪᠠ᠃ ᠳᠦᠯᠢ ᠶ᠋ᠢᠨ ᠤᠷᠢᠳᠠ ᠡᠩᠨᠡᠭᠡ ᠬᠠᠮᠠᠭᠤ ᠶ᠋ᠢᠨ ᠭᠤᠷᠪᠠᠳᠤᠭᠠᠷ ᠰᠠᠯᠪᠤᠷᠢ ᠳ᠋ᠤ᠌ ᠲᠤᠰ ᠲᠤᠰ ᠠᠯᠳᠠᠷ ᠴᠣᠯᠠ ᠪᠠᠨ ᠳᠠᠭᠤᠳᠠᠭᠤᠯᠵᠤ ᠰᠠᠭᠤᠭᠰᠠᠭᠠᠷ ᠪᠠᠭ᠎ᠠ ᠠᠩᠭᠢ ᠲᠡᠭᠦᠰᠪᠡ᠃
ᠨᠢᠭᠦᠯ ᠪᠤᠶᠠᠨ᠂ ᠬᠠᠯᠠᠭᠤᠨ ᠬᠥᠨᠵᠢᠯᠡ ᠶ᠋ᠢ ᠤᠩᠰᠢᠭᠰᠠᠭᠠᠷ ᠨᠢᠭᠡ ᠯᠡ ᠮᠡᠳᠡᠬᠦ ᠳ᠋ᠦ᠍ ᠨᠠᠢ᠍ᠮᠠᠳᠤᠭᠠᠷ ᠠᠩᠭᠢ ᠳ᠋ᠤ᠌ ᠣᠷᠣᠪᠠ᠃ Оцелоᠣᠼᠶᠣᠯ ᠪᠠᠭᠠᠲᠤᠷ ᠤ᠋ᠨМаюмитай ᠮᠠᠶᠤᠮᠢ ᠲᠠᠢСанник ᠰᠡᠭᠨᠢᠺᠦᠪ  овын ᠤ᠋ᠨ ᠭᠠᠵᠠᠷ ᠨᠥᠬᠥᠴᠡᠪᠡ ᠃Стерлит ᠰᠳ᠋ᠷᠯᠢᠲ ᠂Ошин   
ᠤᠰᠢᠨ ᠬᠣᠶᠠᠷ ᠢ᠋ ᠡᠭᠡᠯᠵᠢᠯᠡᠵᠦ ᠵᠡᠭᠦᠳᠦᠯᠡᠭᠰᠡᠭᠡᠷ ᠠᠷᠪᠠᠳᠠᠬᠢ ᠬᠠᠪᠤᠷ ᠢ᠋ᠶ᠋ᠠᠨ ᠠᠯᠳᠠᠵᠤ᠂ ᠤᠨᠤᠵᠤ ᠦᠳᠡᠪᠡ᠃ ᠬᠣᠲᠠ ᠤᠷᠤᠭᠤ ᠰᠤᠷᠭᠠᠭᠤᠯᠢ ᠳ᠋ᠤ᠌ ᠶᠠᠪᠤᠪᠠ᠃
ᠬᠣᠲᠠ ᠳ᠋ᠤ᠌ ᠢᠷᠡᠭᠡᠳ ᠯᠤᠢᠪᠠᠷᠴᠢᠨ ᠪᠣᠯᠪᠠ᠃ ᠲᠠᠨᠢᠬᠤ ᠦᠭᠡᠢ ᠬᠥᠮᠦᠨ ᠯᠡ ᠪᠣᠯ ᠯᠤᠢᠪᠠᠷᠴᠢᠨ ᠭᠡᠰᠡᠨ ᠰᠡᠳᠬᠢᠬᠦᠢ ᠲᠠᠷᠢᠬᠢ ᠲᠣᠯᠣᠭᠠᠢ ᠳ᠋ᠤ᠌ ᠰᠠᠭᠤᠪᠠ᠃ ᠬᠣᠲᠠ ᠳ᠋ᠤ᠌ ᠬᠣᠲᠠ ᠶ᠋ᠢᠨ ᠬᠥᠮᠦᠰ ᠭᠡᠵᠦ ᠠᠯᠠᠭ᠎ᠠ ᠪᠠᠢᠪᠠ᠃ ᠪᠠᠭ᠎ᠠ ᠪᠠᠨᠳᠢ ᠵᠠᠪᠠᠬᠠᠨ ᠠ᠋ᠴᠠ᠂ ᠡᠯᠪᠡᠭᠳᠣᠷᠵᠢ ᠬᠣᠪᠲᠣ ᠠ᠋ᠴᠠ ᠢᠷᠡᠭᠡᠳ ᠤᠳᠠᠭ᠎ᠠ ᠦᠭᠡᠢ ᠪᠠᠢᠪᠠ᠃ ᠨᠢᠮᠠᠳᠣᠷᠵᠢ ᠠᠬ᠎ᠠ ᠶ᠋ᠢᠨ ᠮᠡᠩᠭᠡ ᠶᠠᠭ ᠪᠠᠢᠷᠢᠨ ᠳ᠋ᠠᠭᠠᠨ᠂ Женкл ᠵᠢᠭᠺᠦᠦ
ᠵᠠᠭᠠᠯᠮᠠᠢᠯᠠᠭᠰᠠᠨ ᠡᠴᠢᠭᠡ ᠶ᠋ᠢᠨМайкл ᠮᠠᠶ᠋ᠢᠺᠡᠯ  ᠰᠢᠭ᠋ ᠦᠰᠦ ᠪᠡᠨ ᠦᠬᠡᠷ ᠳᠣᠯᠢᠶᠠᠭᠰᠠᠨ ᠮᠡᠲᠦ ᠬᠣᠢᠰᠢ ᠪᠠᠨ ᠰᠠᠮᠨᠠᠭᠰᠠᠨ ᠪᠠᠢᠪᠠ᠃ ᠣᠶᠣᠺᠠ ᠪᠢᠳᠡ ᠬᠡᠳᠦ ᠣᠶᠤᠲᠠᠨ ᠤ᠋ ᠬᠣᠲᠠᠬᠠᠨ ᠬᠠᠪᠢ ᠳ᠋ᠤ᠌ ᠬᠤᠤᠱᠤᠤᠷ ᠬᠠᠢᠵᠤ ᠶᠠᠪᠤᠪᠠ᠃
ᠲᠣᠪᠴᠢᠬᠠᠨ ᠳ᠋ᠤ᠌ ᠪᠠᠨ ᠤᠯᠤᠰ ᠤ᠋ᠨ ᠶᠡᠬᠡ ᠬᠤᠷᠠᠯ ᠤ᠋ᠨ ᠭᠡᠰᠢᠭᠦᠳ ᠪᠦᠭᠦᠳᠡ ᠨᠠᠳᠠ ᠰᠢᠬ
ᠬᠥᠳᠡᠭᠡᠨ ᠡᠴᠡ ᠢᠷᠡᠭᠰᠡᠨ ᠤᠯᠠᠭᠠᠨ ᠬᠠᠴᠠᠷ ᠲᠠᠢ ᠯᠤᠢᠪᠠᠷᠴᠢᠨ ᠪᠣᠯᠬᠤ ᠮᠥᠷᠥᠭᠡᠳᠦᠯ ᠲᠡᠢ ᠯᠤᠢᠪᠠᠷᠴᠢᠳ ᠪᠠᠢᠪᠠ᠃ ᠲᠡᠳᠡ ᠨᠠᠳᠠ  ᠠ᠋ᠴᠠ ᠢᠯᠡᠭᠦᠦ ᠥᠯᠥᠰᠬᠦᠯᠡᠩ ᠪᠠᠢᠪᠠ᠃ ᠮᠢᠶᠠ ᠭᠡᠳᠡᠭ ᠬᠥᠮᠦᠨ ᠭᠠᠵᠠᠷ ᠵᠠᠷᠤᠵᠤ ᠢᠳᠡᠭᠡᠳ ᠴᠠᠳᠤᠭᠰᠠᠨ ᠦᠭᠡᠢ ᠯᠡ ᠭᠡᠨ᠎ᠡ᠂ ᠪᠥᠭᠡᠮ ᠶ᠋ᠢᠡᠷ ᠶ᠋ᠢᠡᠨ  ᠨᠡᠢᠯᠡᠭᠡᠳ ᠪᠠᠩᠬᠢ ᠪᠠᠷᠢᠵᠤ ᠢᠳᠡᠯ᠎ᠡ ᠯᠡ ᠭᠡᠨ᠎ᠡ᠂ ᠡᠪᠰᠡᠯ᠎ᠡ᠂ ᠰᠠᠯᠤᠯ᠎ᠠ᠂ ᠨᠡᠢᠯᠡᠯ᠎ᠡ᠂ огорлоо  ᠤᠭᠤᠴᠤᠷᠤᠯ᠎ᠠ ᠵᠢᠭᠰᠠᠯ᠎ᠠ ᠭᠡᠳ ᠯᠡ  ᠪᠥᠭᠡᠮ ᠯᠡ ᠶᠠᠭᠤᠮ᠎ᠠ ᠪᠣᠯᠤᠨ᠎ᠠ᠃          ᠪᠣᠶᠠᠨᠵᠠᠶᠠᠭ᠎ᠠ ᠮᠡᠲᠦ ᠶ᠋ᠢᠨ ᠬᠥᠮᠦᠰ ᠥᠨᠥ ᠶ᠋ᠢᠨ ᠬᠢ ᠰᠢᠭ ᠢ᠋ᠶ᠋ᠡᠨ ᠶᠠᠷᠢᠵᠤ ᠯᠠ ᠪᠠᠢᠳᠠᠭ ᠪᠠᠢᠪᠠ᠃ ᠰᠡᠷᠢᠭᠦᠯᠭᠡ ᠬᠥᠮᠦᠰ  ᠦ᠋ᠨ ᠠᠮᠢᠳᠤᠷᠠᠯ ᠳᠡᠭᠡᠳᠦᠰ ᠦ᠋ᠨ ᠬᠦᠷᠢᠶᠡᠯᠡᠩ ᠭᠡᠰᠡᠨ ᠶᠠᠭ ᠥᠨᠥ ᠶ᠋ᠢᠨ ᠮᠣᠷᠠᠯ ᠰᠢᠬ  сошиалᠰᠣᠰᠢᠶᠠᠯ ᠰᠤᠪᠠᠭ ᠤ᠋ᠳ ᠪᠠᠢᠪᠠ᠃ ᠣᠶᠤᠲᠠᠨ ᠤ᠋ ᠬᠣᠯᠪᠣᠭ᠎ᠠ᠂ ᠶᠠᠩᠵᠤ ᠪᠦᠷᠢ ᠶ᠋ᠢᠨ ᠨᠠᠮ᠂ ᠡᠪᠰᠡᠯ ᠦ᠋ᠨ ᠵᠠᠯᠠᠭᠤᠴᠤᠳ ᠤ᠋ᠨ ᠬᠣᠯᠪᠣᠭ᠎ᠠ ᠡᠭᠡᠯᠵᠢ ᠳᠠᠷᠠᠭᠠᠯᠠᠨ ᠪᠠᠢᠭᠤᠯᠤᠭᠳᠠᠪᠠ᠃ ᠲᠡᠨᠳᠡ ᠮᠠᠨᠤᠰ ᠰᠢᠭ᠋ ᠪᠤᠯᠲᠤ ᠪᠤᠯᠲᠤ ᠱᠠᠭᠠᠳᠠᠭ ᠭᠠᠷ  ᠦ᠋ᠳ ᠴᠤᠭᠯᠠᠨ᠎ᠠ ᠂ ᠣᠶᠤᠲᠠᠨ ᠤ᠋ ᠬᠣᠯᠪᠣᠭ᠎ᠠ᠂ ᠵᠠᠯᠠᠭᠤᠴᠤᠳ ᠤ᠋ᠨ ᠬᠣᠯᠪᠣᠭ᠎ᠠ᠂ ᠨᠤᠲᠤᠭ ᠤ᠋ᠨ ᠵᠥᠪᠯᠡᠯ ᠢ᠋ᠶ᠋ᠡᠷ ᠳᠠᠮᠵᠢᠭᠠᠳ ᠬᠤᠷᠳᠤᠨ ᠳᠠᠷᠤᠭ᠎ᠠ ᠪᠣᠯᠬᠤ ᠵᠣᠷᠢᠯᠭ᠎ᠠ ᠲᠠᠢ ᠬᠡᠰᠡᠭ ᠪᠦᠯᠦᠭ ᠬᠥᠮᠦᠨ ᠬᠡᠭᠡᠯᠢ ᠠᠪᠤᠪᠠ᠃ ᠡᠨᠡ ᠮᠡᠳᠡᠷᠡᠯ ᠦᠭᠡᠢ ᠶᠠᠭᠤᠮ᠎ᠠ ᠨᠤᠭᠤᠳ ᠶᠠᠭ ᠳᠠᠷᠤᠭ᠎ᠠ ᠪᠣᠯᠵᠤ ᠬᠠᠷᠠᠭᠳᠠᠭᠠᠴᠢ ᠭᠡᠵᠦ ᠪᠣᠳᠣᠵᠤ ᠪᠠᠢᠲᠠᠯ᠎ᠠ ᠨᠢᠭᠡ ᠯᠡ ᠮᠡᠳᠡᠬᠦ ᠳ᠋ᠦ᠍ ᠮᠥᠷ  ᠦ᠋ᠨ ᠬᠥᠲᠥᠯᠪᠦᠷᠢ ᠨᠢ ᠲᠣᠭᠣᠨᠣ ᠪᠠᠷ ᠣᠷᠣᠭᠠᠳ ᠢᠷᠡᠭᠰᠡᠨ᠃
ᠪᠢᠳᠡᠨ ᠢ᠋76 ᠴᠢᠳᠬᠥᠷ ᠦ᠋ᠨ ᠲᠣᠭᠣᠷᠢᠭ ᠲᠤ᠌ ᠬᠤᠪᠢᠶᠠᠪᠠ᠂
ᠰᠣᠩᠭᠣᠭᠤᠯᠢ ᠭᠡᠵᠦ ᠤᠯᠤᠰ ᠳᠠᠶᠠᠭᠠᠷ ᠢ᠋ᠶ᠋ᠠᠨ ᠨᠠᠢᠷ ᠨᠠᠭᠠᠳᠤᠮ ᠪᠣᠯᠪᠠ᠃ ᠮᠠᠨ ᠤ᠋  ᠥᠯᠥᠩ ᠣᠳᠣ ᠨᠤᠭᠤᠳ ЗООЛОВ ᠵᠣᠣᠯᠪᠠ ᠃ ᠭᠤᠯᠢᠷ ᠪᠤᠳᠠᠭ᠎ᠠ᠂ ᠠᠷᠢᠬᠢ ᠳᠠᠷᠠᠰᠤ᠂ ᠮᠥᠩᠭᠥ ᠲᠥᠭᠥᠷᠢᠭ ᠢᠯᠡ ᠴᠠᠭᠠᠨ ᠲᠠᠷᠬᠠᠨ᠎ᠠ᠃ ᠢᠷᠭᠡᠳ ᠢ᠋ᠶ᠋ᠡᠨ ᠬᠡᠨ ᠰᠠᠢᠨ ᠠᠷᠭᠢᠳᠠᠭᠤᠯᠤᠭᠰᠠᠨ  ᠨᠢ ᠰᠣᠩᠭᠣᠭᠤᠯᠢ ᠳ᠋ᠤ᠌ ᠢᠯᠠᠨ᠎ᠠ᠃
ᠵᠠᠯᠠᠭᠤᠰ ᠢ᠋ᠶ᠋ᠠᠨ ᠰᠣᠯᠣᠩᠭᠣᠰ ᠲᠤ᠌ ᠠᠵᠢᠯᠯᠠᠬᠤ ᠳ᠋ᠤ᠌ ᠨᠢ ᠵᠢᠭᠤᠴᠢᠯᠠᠨ᠎ᠠ᠂ ᠵᠣᠷᠢᠭ ᠤ᠋ᠨ ᠬᠡᠷᠡᠭ ᠢ᠋ ᠢᠯᠡᠷᠡᠭᠦᠯᠦᠨ᠎ᠡ ᠡᠨᠡ ᠲᠡᠷᠡ ᠭᠡᠰᠡᠨ ᠤᠷᠢᠶ᠎ᠠ ᠲᠠᠢ ᠴᠤ᠌ ᠪᠠᠢᠬᠤ ᠰᠢᠭ᠋᠂ ᠤᠯᠠᠭᠠᠨ ᠂ ᠴᠡᠩᠬᠡᠷ ᠢ᠋ᠶ᠋ᠡᠷ ᠢ᠋ᠶ᠋ᠡᠨ ᠪᠣᠯᠵᠤ ᠠᠪᠠᠭᠠᠢ ᠨᠥᠬᠥᠷ ᠬᠣᠶᠠᠷ ᠴᠤ᠌ ᠰᠠᠯᠵᠤ ᠪᠠᠢᠪᠠ᠃ ᠰᠠᠢᠨ ᠪᠠᠢᠨ᠎ᠠ ᠤᠤ ᠭᠡᠬᠦ ᠶ᠋ᠢᠨ ᠣᠷᠣᠨ ᠳ᠋ᠤ᠌《 ᠴᠢ ᠠᠯᠢ ᠨᠠᠮ ᠪᠣᠢ》 ᠭᠡᠵᠦ ᠠᠰᠠᠭᠤᠳᠠᠭ ᠪᠣᠯᠪᠠ᠃
ᠬᠥᠮᠦᠰ ᠠᠷᠢᠬᠢ᠂ ᠨᠠᠮ ᠬᠣᠶᠠᠷ ᠲᠤ᠌ ᠣᠷᠣᠪᠠ᠂ ᠳᠠᠷᠤᠭ᠎ᠠ ᠬᠠᠷᠠᠬᠤ ᠪᠠᠷ ᠢ᠋ᠶ᠋ᠠᠨ ᠳᠠᠭᠠᠵᠤ ᠭᠦᠶᠦᠨ᠎ᠡ᠂ ᠳᠠᠷᠤᠭ᠎ᠠ ᠳ᠋ᠤ᠌ ᠣᠷᠣᠪᠠ᠃ ᠡᠪᠦᠭᠡ ᠳᠡᠭᠡᠳᠦᠰ ᠦ᠋ᠨ ᠢ᠋ᠶ᠋ᠡᠨ ᠪᠦᠳᠡᠭᠢ ᠰᠠᠭᠠᠷᠠᠯ ᠵᠢᠷᠤᠭ ᠤ᠋ᠨ ᠣᠷᠣᠨ ᠳ᠋ᠤ᠌ ᠰᠢᠨ᠎ᠡ ᠴᠠᠭ ᠤ᠋ᠨ ᠳᠠᠷᠤᠭ᠎ᠠ ᠨᠠᠷ ᠤ᠋ᠨ ᠥᠩᠭᠡᠲᠦ ᠵᠢᠷᠤᠭ ᠢ᠋ ᠲᠠᠯᠪᠢᠵᠤ ᠰᠢᠲᠦᠪᠡ᠃ Наамбар ваан ᠨᠠᠮᠠᠷᠪᠠᠨᠢ  ᠰᠡᠯᠡᠮ᠎ᠡ ᠰᠠᠬᠠᠯ ᠲᠠᠢ ᠬᠥᠮᠦᠨ ᠤᠷᠲᠤ ᠰᠢᠷ᠎ᠠ ᠳᠡᠪᠡᠯᠲᠦ ᠡᠴᠡ ᠪᠣᠯᠭᠣᠮᠵᠢᠯᠠ ᠭᠡᠪᠡ᠃ ᠦᠶ᠎ᠡ ᠦᠶ᠎ᠡ ᠶ᠋ᠢᠨ ᠶᠡᠷᠦᠩᠬᠡᠢᠯᠡᠭᠴᠢᠳ ᠰᠢᠭ ᠠᠳᠠᠭ ᠤ᠋ᠨ ᠠᠮᠢᠲᠠᠳ ᠪᠠᠢᠬᠤ ᠦᠭᠡᠢ ᠮᠡᠲᠦ ᠪᠢᠳᠡ ᠡᠯᠡᠭᠳᠡᠪᠡ᠃ ᠪᠦᠭᠦᠳᠡ ᠮᠣᠩᠭᠣᠯ  ᠲᠤᠯᠠᠭᠠᠲᠠᠨ  ᠤ᠋ ᠵᠠᠭᠤᠨ ᠡᠷᠬᠢᠮ ᠪᠣᠯᠪᠠ᠃ ᡀᠬᠠᠪᠠᠰᠥ᠋ᠷᠦᠩ ᠭᠤᠸᠠᠢ ᠬᠥᠲᠥᠯᠪᠡ᠂ ᠪᠦᠭᠦᠳᠡ ᠶ᠋ᠢ ᠨᠢ ᠮᠠᠭᠲᠠᠪᠠ᠂ ᠲᠣᠯᠣᠭᠠᠢ ᠡᠷᠭᠢᠪᠡ᠃
ᠲᠠᠪᠤᠨ ᠲᠣᠯᠣᠭᠠᠢ᠂ ᠣᠭ᠌ᠶᠤ ᠲᠣᠯᠣᠭᠠᠢ᠂76 ᠲᠣᠯᠣᠭᠠᠢ ᠭᠡᠬᠦ ᠮᠡᠲᠦ ᠪᠠᠬᠠᠨ ᠲᠣᠯᠣᠭᠠᠢ ᠶ᠋ᠢᠨ ᠳᠤᠮᠳᠠ ᠤᠯᠤᠰ ᠣᠷᠣᠨ ᠬᠥᠭᠡᠰᠦᠷᠡᠨ᠎ᠡ ᠃ ᠲᠣᠯᠣᠭᠠᠢ ᠨᠤᠭᠤᠳ ᠲᠣᠯᠣᠭᠠᠢ ᠪᠠᠨ ᠪᠠᠷᠢᠵᠤ ᠢᠳᠡᠨ᠎ᠡ᠃ ᠯᠤᠢᠪᠠᠷᠴᠢᠳ ᠶ᠋ᠢᠠᠨ   ᠪᠢᠳᠡ ᠶᠡᠬᠡ ᠬᠣᠯᠠ ᠠ᠋ᠴᠠ ᠬᠠᠢᠨ᠎ᠠ᠂ ᠥᠭᠡᠷ᠎ᠡ ᠲᠣᠭᠣᠷᠢᠭ ᠂ᠥᠭᠡᠷ᠎ᠡ ᠠᠢᠮᠠᠭ ᠠ᠋ᠴᠠ  ᠡᠷᠢᠬᠦ᠂ ᠥᠪᠡᠷ ᠦ᠋ᠨ  ᠲᠣᠭᠣᠷᠢᠭ ᠤ᠋ᠨ ᠯᠤᠢᠪᠠᠷᠴᠢᠨ ᠶ᠋ᠢᠠᠨ  ᠬᠠᠷᠢᠨ ᠡᠷᠭᠦᠵᠦ ᠰᠣᠩᠭᠣᠭᠠᠳ ᠯᠠ ᠶᠠᠪᠤᠭᠤᠯᠤᠨ᠎ᠠ᠃ ᠳᠥᠷᠪᠡᠨ ᠵᠢᠯ ᠳ᠋ᠦ᠍ ᠪᠡᠨ ᠳᠥᠴᠢ ᠭᠠᠷᠤᠢ ᠰᠠᠢᠳ ᠦᠢᠯᠡᠳᠪᠦᠷᠢᠯᠡᠨ᠎ᠡ᠂ ᠪᠢᠳᠡᠨ ᠦ᠌ ᠡᠳ᠋ ᠦ᠋ᠨ ᠵᠠᠰᠠᠭ ᠡᠷᠢᠶᠡᠨ   ᠡᠴᠡ69 ᠪᠡᠷ   ᠭᠠᠬᠠᠢ ᠳᠠᠷᠤᠬᠤ ᠪᠠᠢᠪᠠ᠃ ᠳᠠᠷᠤᠭ᠎ᠠ ᠨᠠᠷ ᠤ᠋ᠨ ᠡᠳ᠋ ᠦ᠋ᠨ ᠵᠠᠰᠠᠭ ᠨᠡᠭᠦᠷᠡᠰᠦ ᠵᠥᠭᠡᠭᠡᠬᠦ ᠪᠠᠢᠵᠠᠢ᠃
ᠪᠢᠳᠡᠨ  ᠦ᠌ ᠭᠠᠳᠠᠭᠠᠳᠤ ᠬᠠᠷᠢᠯᠴᠠᠭ᠎ᠠ ᠣᠷᠣᠰ ᠠ᠋ᠴᠠ ᠪᠸᠨᠽᠢᠨ ᠭᠤᠶᠤᠬᠤ ᠪᠠᠢᠪᠠ᠂ ᠳᠠᠷᠤᠭ᠎ᠠ ᠨᠠᠷ ᠤ᠋ᠨ ᠭᠠᠳᠠᠭᠠᠳᠤ ᠬᠠᠷᠢᠯᠴᠠᠭ᠎ᠠ оффшор ᠣᠹᠢᠹᠥᠰᠤᠷ  ᠪᠦᠰᠡ ᠪᠠᠢᠵᠠᠢ᠃
ᠮᠠᠯᠠᠭᠠᠢ ᠤᠨᠠᠮᠠᠷ ᠥᠨᠳᠥᠷ ᠪᠠᠢᠰᠢᠩ᠂ давсг ᠳᠠᠪᠤᠰᠠᠭ ᠵᠠᠳᠠᠷᠠᠮ ᠲᠦᠭᠵᠢᠷᠡᠯ ᠲᠡᠢ ᠪᠣᠯᠪᠠ᠂ ᠰᠠᠢᠬᠠᠨ ᠬᠥᠭᠵᠢᠭᠰᠡᠨ᠃
ᠮᠠᠨ ᠤ᠋ ᠮᠡᠲᠦ ᠶ᠋ᠢᠨ ᠯᠤᠢᠪᠠᠷᠴᠢᠳ ᠤᠷᠢᠳᠠᠬᠢ ᠪᠠᠨ ᠬᠢᠨ᠎ᠡ᠂ ᠤᠷᠢᠳᠠᠬᠢ ᠪᠠᠨ ᠯᠠ ᠬᠢᠵᠦ ᠪᠠᠢᠪᠠᠯ ᠤᠯᠤᠰ ᠲᠤ᠌ ᠬᠡᠨ ᠳᠠᠷᠤᠭ᠎ᠠ ᠪᠣᠯᠬᠤ ᠨᠠᠳᠠ ᠳ᠋ᠤ᠌ ᠫᠠᠳ ᠦᠭᠡᠢ ᠭᠡᠵᠦ ᠮᠤᠨᠤᠭᠯᠠᠨ᠎ᠠ᠃
ᠪᠢᠳᠡ ᠴᠦ᠍ ᠡᠳᠡᠨ ᠡᠴᠡ ᠨᠢᠭᠡ ᠶᠡᠬᠡ ᠢᠯᠭᠠᠭ᠎ᠠ ᠦᠭᠡᠢ ᠠ᠋᠂ ᠪᠡᠯᠭᠡ ᠨᠡᠷᠡᠲᠡᠢ ᠳᠣᠷᠣᠮᠵᠢᠯᠠᠯ ᠢ᠋ᠶ᠋ᠠᠷ ᠨᠢ ᠤᠯᠠ ᠪᠣᠣᠪᠣ ᠵᠠᠰᠠᠵᠤ᠂ ᠳᠡᠭᠡᠵᠢ ᠨᠡᠷᠡᠲᠡᠢ ᠠᠷᠢᠬᠢᠨ ᠳ᠋ᠤ᠌ ᠨᠢ ᠮᠠᠩᠰᠢᠭᠤᠷᠠᠵᠤ ᠯᠠ ᠶᠠᠪᠤᠪᠠ᠃ ᠪᠢ ᠪᠢᠰᠢ ᠶᠦᠮ ᠠ ᠭᠡᠬᠦ ᠳ᠋ᠦ᠍ ᠮᠢᠨᠦ ᠡᠴᠢᠭᠡ ᠡᠬᠡ ᠠᠪᠴᠤ ᠯᠠ ᠪᠠᠢᠪᠠ᠃ ᠨᠢᠭᠡ ᠴᠠᠭᠠᠨ ᠰᠠᠷ᠎ᠠ ᠶ᠋ᠢᠨ ᠰᠡᠳᠬᠢᠬᠦᠢ ᠲᠡᠢ᠂ ᠱᠠᠯ ᠲᠡᠨᠡᠭ᠂ ᠯᠤᠢᠪᠠᠷᠴᠢᠳ ᠢ᠋ ᠡᠬᠢ ᠪᠠᠷᠢᠵᠤ ᠠᠪᠴᠤ ᠪᠠᠢᠭ᠎ᠠ ᠪᠠᠨ ᠮᠡᠳᠡᠬᠦ ᠦᠭᠡᠢ᠂ ᠤᠯᠠᠭᠠᠨ ᠠᠮᠢ ᠯᠠ ᠬᠣᠬᠢᠷᠠᠯ᠎ᠠ᠃ ᠰᠠᠢᠬᠠᠨ ᠠᠮᠢᠳᠤᠷᠠᠬᠤ ᠭᠡᠵᠦ ᠪᠢᠰᠢ ᠪᠤᠰᠤᠳ ᠤ᠋ᠨ ᠤᠷᠢᠳᠠ ᠭᠠᠷᠬᠤ ᠭᠡᠵᠦ ᠵᠢᠳᠬᠦᠨ᠎ᠡ᠂ ᠳᠤᠯᠠᠭᠠᠯᠠᠬᠤ ᠭᠡᠵᠦ ᠪᠢᠰᠢ ᠭᠣᠶᠣ ᠬᠠᠷᠠᠭᠳᠠᠬᠤ ᠭᠡᠵᠦ ᠬᠤᠪᠴᠠᠰᠤᠯᠠᠨ᠎ᠠ᠂  ᠪᠸᠠᠽᠢᠨ  ᠢ᠋ᠶ᠋ᠡᠨ ᠳᠡᠢᠯᠬᠦ ᠦᠭᠡᠢ ᠪᠠᠢᠵᠤ ᠮᠠᠰᠢᠨ ᠠᠪᠴᠤ  ᠬᠡᠯᠪᠡᠷᠢᠲᠦᠭᠡᠳ  ᠯᠡ᠂Халтуур  ᠬᠠᠯᠲᠤᠤᠷ  ᠬᠢᠨ᠎ᠡ ᠴᠦ᠍ ᠭᠡᠬᠦ ᠰᠢᠭ᠂ ᠣᠯᠠᠨ  ᠢ᠋ханарсан  ᠬᠠᠨᠤᠷᠠᠭᠰᠠᠨ  ᠵᠦᠭ ᠲᠦ᠍ ᠳᠠᠭᠠᠵᠤ ᠨᠠᠮᠢᠷᠠᠭᠠᠳ ᠯᠠ᠂ ᠲᠡᠭᠡᠬᠦ ᠳ᠋ᠦ᠍ ᠸᠢᠽ ᠭᠠᠷᠤᠭᠰᠠᠨ ᠪᠣᠯ ᠡᠳᠦᠢ ᠳ᠋ᠦ᠍ ᠭᠠᠳᠠᠭᠠᠳᠤ ᠶᠠᠪᠤᠴᠢᠠᠭᠰᠠᠨ ᠯᠠ ᠪᠠᠢᠭ᠎ᠠ᠃ ᠦᠬᠦᠭᠰᠡᠨ ᠠᠴᠢᠨ ᠤ᠋ ᠬᠢ ᠨᠢ ᠡᠬᠡ ᠣᠷᠣᠨ ᠳ᠋ᠠᠭᠠᠨ ᠬᠠᠢᠷᠠᠲᠠᠢ  ᠳ᠋ᠤ᠌ ᠪᠠᠨ ᠦᠯᠡᠳᠡᠭᠰᠡᠨ ᠡᠨᠡ ᠲᠡᠷᠡ᠃
ᠴᠢᠮ᠎ᠠ ᠳ᠋ᠤ᠌ ᠬᠠᠢᠷᠠᠲᠠᠢ ᠭᠡᠳ ᠬᠠᠨᠢ ᠲᠠᠢ ᠪᠣᠯᠪᠠ᠂ ᠲᠡᠭᠦᠨ ᠢ᠋ ᠪᠡᠨ ᠴᠦ᠍ ᠠᠩᠬᠠᠷᠤᠭᠰᠠᠨ ᠶᠠᠭᠤᠮ᠎ᠠ ᠦᠭᠡᠢ᠃ ᠦᠷ᠎ᠡ ᠬᠡᠦᠬᠡᠳ ᠨᠦ᠍ᠭᠦᠳ ᠢ᠋ᠶ᠋ᠡᠨ ᠭᠠᠷᠭᠠᠪᠠ᠂ ᠥᠰᠬᠡᠵᠦ᠂ ᠬᠥᠮᠦᠵᠢᠭᠦᠯᠵᠦ гавьсанᠭᠠᠪᠢᠭᠰᠠᠨ ᠴᠤ᠌ ᠶᠠᠭᠤᠮ᠎ᠠ ᠦᠭᠡᠢ ᠲᠡᠵᠢᠭᠡᠪᠦᠷᠢ ᠠᠮᠢᠲᠠᠳ ᠪᠣᠯᠭᠠᠬᠤ ᠰᠢᠬᠠᠬᠤ᠂ ᠡᠴᠢᠭᠡ ᠡᠬᠡ ᠪᠡᠨ ᠡᠷᠭᠦᠨ᠎ᠡ ᠭᠡᠯ᠎ᠡ ᠤᠤ᠂ ᠬᠠᠷᠠᠮᠰᠠᠯ ᠲᠡᠭᠡᠭᠡᠰᠦᠲᠡᠢ᠂ ᠬᠠᠶᠠ ᠪᠠᠢᠭ᠎ᠠ ᠲᠠᠢ ᠨᠢ ᠤᠲᠠᠰᠤ ᠪᠠᠷ ᠲᠣᠪᠴᠢᠬᠠᠨ ᠶᠠᠷᠢᠴᠢᠬᠠᠭᠠᠳ ᠯᠠ᠂ ᠶᠠᠭᠤᠨ ᠤ᠋ ᠲᠥᠯᠥᠭᠡ ᠶᠠᠭᠠᠬᠢᠬᠤ ᠭᠡᠵᠦ᠂ ᠬᠡᠷᠬᠢᠨ ᠠᠮᠢᠳᠤᠷᠠᠬᠤ ᠦᠨᠳᠦᠰᠦᠨ философио ᠫᠢᠯᠥᠰᠤᠫᠦ  ᠣᠳᠣ ᠴᠤ᠌ ᠣᠯᠤᠭ᠎ᠠ ᠦᠭᠡᠢ ᠴᠥᠭᠡᠪᠦᠷᠢ ᠴᠢᠨᠣ᠎ᠠ ᠰᠢᠭ᠋ ᠨᠢᠭᠡ ᠶᠠᠭᠤᠮ᠎ᠠ ᠱᠠᠭᠠᠢᠵᠤ ᠶᠠᠪᠤᠬᠤ᠂ ᠡᠬᠡᠨᠡᠷ ᠡᠴᠡ ᠪᠡᠨ ᠢᠯᠡᠭᠦᠦ ᠮᠠᠭᠤ ᠮᠠᠭᠤᠬᠠᠢ ᠳ᠋ᠤ᠌ ᠳᠠᠰᠤᠭᠰᠠᠨ ᠴᠤ᠌ ᠪᠠᠢᠬᠤ ᠰᠢᠭ᠋᠂ ᠰᠡᠳᠬᠢᠬᠦᠢ ᠬᠠᠢᠷᠴᠠᠭᠯᠠᠭᠳᠠᠰᠠᠨ᠂ ᠲᠣᠮᠣᠬᠠᠨ ᠮᠠᠰᠢᠨ᠂ ᠲᠣᠮᠣᠬᠠᠨ ᠪᠠᠢᠷᠢ ᠭᠡᠰᠡᠨ ᠬᠠᠢᠷᠴᠠᠭ ᠬᠠᠢᠭᠠᠳ ᠯᠠ᠂ ᠦᠩᠭᠢᠯᠳᠦᠵᠦ  ᠦᠬᠦᠴᠢᠬᠡᠬᠦ ᠭᠡᠳ ᠯᠡ᠂ ᠲᠡᠭᠦᠨ ᠡᠴᠡ ᠪᠡᠨ ᠭᠠᠷᠴᠤ ᠴᠢᠳᠠᠭᠠᠳ ᠦᠭᠡᠢ᠂ ᠠᠯᠢ ᠬᠠᠢᠷᠴᠠᠭ ᠲᠤ᠌ ᠪᠠᠨ ᠦᠬᠦᠬᠦ ᠶᠦᠮ ᠪᠦᠦ ᠮᠡᠳᠡ᠃
LV ᠯᠧᠢ ᠭᠣᠶᠣ ᠴᠤ᠌ ᠭᠡᠬᠦ ᠰᠢᠭ᠂ Логоᠯᠤᠭ᠎ᠠ ᠲᠠᠭᠠᠷᠠᠪᠠᠯ ᠣᠷᠢᠶᠠᠴᠠᠯᠳᠤᠵᠤ ᠦᠬᠦᠴᠢᠬᠡᠬᠦ ᠭᠡᠳ ᠯᠡ᠂ ᠲᠠᠢᠯᠤᠭᠠᠳ ᠬᠠᠶᠠᠵᠤ ᠴᠢᠳᠠᠭᠠᠳ ᠦᠭᠡᠢ᠂ ᠨᠢᠭᠤᠷ ᠨᠢ ᠴᠡᠪᠡᠷᠬᠡᠨ ᠴᠦ᠍ ᠭᠡᠷ ᠨᠢ ᠨᠣᠬᠠᠢ ᠶ᠋ᠢᠨ ᠬᠣᠷᠢᠶ᠎ᠠ᠂ ᠭᠠᠯᠵᠢᠭᠤᠴᠤᠳ  ᠤ᠋ᠨ ᠳᠤᠮᠳᠠ ᠢᠯᠡᠭᠦᠦ ᠭᠠᠯᠵᠠᠭᠤ ᠪᠣᠯᠵᠤ ᠵᠦᠴᠦᠭᠡᠯᠡᠭᠡᠳ ᠯᠡ᠂ ᠠᠢᠮᠤ ᠨᠢᠭᠡ ᠢᠯᠡᠭᠦᠦ ᠦᠭᠡ ᠲᠡᠢ᠂ ᠢᠯᠡᠭᠦᠳᠡᠯ ᠵᠢᠩ ᠲᠡᠢ ᠨᠢᠭᠡбаагий ᠪᠠᠭᠠᠭᠢ ᠤᠲᠠᠰᠤ ᠮᠠᠭᠠᠵᠢᠭᠠᠳ ᠯᠠ ᠬᠡᠪᠲᠡᠵᠦ ᠪᠠᠢᠨ᠎ᠠ᠃ ᠡᠨᠡ ᠨᠣᠪᠰᠢ ᠪᠣᠯ ᠶᠠᠷᠢᠶᠠᠨ ᠦᠭᠡᠢ ᠯᠤᠢᠪᠠᠷᠴᠢᠨ᠂ ᠡᠨᠡ ᠴᠠᠭ ᠤ᠋ᠨ ᠯᠤᠢᠪᠠᠷᠴᠢᠳ ᠲᠠᠢ ᠬᠠᠶᠠ ᠰᠠᠨᠠᠭ᠎ᠠ ᠨᠡᠢᠯᠡᠨ ᠠᠮᠢᠳᠤᠷᠠᠵᠤ ᠢᠷᠡᠭᠰᠡᠨ ᠯᠤᠢᠪᠠᠷᠴᠢᠨ᠃ ᠳᠥᠩᠭᠡᠵᠢ ᠰᠠᠶᠢᠬᠠᠨ ᠤᠰᠤᠨ ᠳ᠋ᠤ᠌ ᠣᠷᠣᠭᠠᠳ сорочик ᠰᠤᠷᠤᠴᠢᠺ  ᠡᠮᠦᠰᠴᠢᠬᠡᠭᠰᠡᠨ ᠪᠠᠰᠠ ᠤᠳᠠᠭᠠᠳ ᠦᠭᠡᠢ ᠰᠢᠳᠡчааваас ᠴᠠᠪᠭᠠᠰ ᠂ ᠮᠤᠷᠤᠢ ᠬᠠᠭᠤᠴᠢᠨ ᠮᠠᠰᠢᠨ  ᠤ᠋ ᠰᠡᠭ ᠢ᠋ᠶ᠋ᠡᠷ ᠰᠣᠯᠢᠭᠰᠠᠨ ᠨᠢ ᠰᠠᠶᠢᠬᠠᠨ᠂ ᠲᠣᠮᠣ ᠶᠠᠷᠢᠨ᠎ᠠ ᠂ ᠶᠠᠭ ᠨᠢᠭᠡ ᠪᠠᠲᠤᠲᠠᠢ ᠴᠢᠳᠠᠬᠤ ᠶᠠᠭᠤᠮ᠎ᠠ ᠦᠭᠡᠢ᠂ ᠠᠮᠠᠷ ᠢ᠋ᠶ᠋ᠠᠷ ᠨᠢ ᠠᠭᠤᠷᠯᠠᠬᠤ ᠳᠤᠷᠠᠲᠠᠢ ᠂ᠤᠬᠢᠯᠠᠬᠤ ᠬᠤᠪᠢᠲᠠᠢ᠂ ᠫᠢᠽᠠ  ᠲᠠᠬᠢᠶ᠎ᠠ ᠢᠳᠡᠨ᠎ᠡ ᠭᠡᠨ᠎ᠡ ᠤᠤ᠂ ᠶᠣᠣ ᠪᠣᠯᠵᠠᠢ ᠦᠵᠡ ᠬᠥᠭᠰᠢᠨ᠃
ᠬᠠᠷᠢᠵᠤ ᠥᠭᠳᠡᠭ ᠦᠭᠡᠢ᠂ ᠪᠤᠴᠠᠵᠤ ᠥᠭᠳᠡᠭ ᠦᠭᠡᠢ᠂ ᠲᠦᠭᠵᠢᠷᠡᠯ ᠳᠡᠭᠡᠷ᠎ᠡ ᠲᠦᠭᠵᠢᠷᠡᠯ᠂ ᠠᠰᠠᠭᠤᠳᠠᠯ ᠳᠡᠭᠡᠷ᠎ᠡ ᠠᠰᠠᠭᠤᠳᠠᠯ ᠨᠡᠮᠡᠬᠦ ᠡᠴᠡ ᠴᠠᠭᠠᠰᠢ ᠦᠭᠡᠢ ᠠᠮᠢᠲᠠᠨ᠃
ᠵᠢᠮ᠎ᠡ ᠪᠡᠷ ᠶ᠋ᠢᠡᠨ  ᠪᠣᠯ ᠪᠢ ᠣᠪᠣᠭ᠎ᠠ ᠬᠡᠳᠦᠨ ᠵᠢᠯ ᠦ᠋ᠨ ᠳᠠᠷᠠᠭ᠎ᠠ ᠦᠬᠦᠬᠦ ᠶᠣᠰᠣᠲᠠᠢ᠂ ᠲᠥᠷᠥ ᠶ᠋ᠢᠨ ᠣᠷᠳᠣᠨ ᠤ᠋ ᠵᠦᠭ ᠥᠨᠳᠡᠢᠵᠦ ᠬᠠᠷᠠᠭᠠᠳ ᠨᠥᠭᠦᠭᠡ ᠠᠳᠬᠤᠵᠤ ᠲᠥᠷᠥᠭᠰᠡᠨ ᠰᠠᠯᠠᠭᠠᠪᠴᠢ ᠪᠠᠨ ᠥᠭᠭᠦᠭᠡᠳ ᠨᠢᠳᠦ ᠠᠨᠢᠪᠠᠯ ᠮᠥᠨ ᠭᠤᠨᠢᠭᠲᠠᠢ ᠶᠠ᠂ ᠬᠠᠶᠠ ᠥᠪᠡᠷ ᠢ᠋ ᠪᠡᠨ ᠢᠩᠭᠢᠭᠡᠳ ᠪᠦᠲᠦᠨ ᠪᠣᠷᠴᠠ ᠪᠠᠷ ᠨᠢ ᠲᠣᠯᠢᠨ ᠳ᠋ᠤ᠌ ᠬᠠᠷᠠᠴᠢᠬᠠᠬᠤ ᠳ᠋ᠤ᠌ ᠭᠡᠮ ᠦᠭᠡᠢ᠃

                       2022.12.15 ᠠᠷᠭᠢᠪ ᠱᠠᠭᠵᠢ   ᠭᠡᠯᠦᠩ
  
    ᠺᠢᠷᠢᠯ ᠡᠴᠡ ᠬᠥᠷᠪᠡᠭᠦᠯᠦᠭᠰᠡᠨ ᠨᠢ᠄ ᠰᠣᠨᠢᠨᠪᠠᠶᠠᠷ
    ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ