ᠭᠡᠭᠡᠨ ᠥᠷᠯᠥᠭᠡ ᠰᠠᠢᠨ ᠪᠠᠢᠨ᠎ᠠ ᠦᠦГэгээн өглөө сайн байна үү
ᠭᠡᠭᠡᠨ ᠥᠷᠯᠥᠭᠡ ᠰᠠᠶ᠋ᠢᠨ ᠪᠠᠶ᠋ᠢᠨ᠎ᠠ ᠦᠦ?
ᠨᠠᠮ᠎ᠠ ᠶ᠋ᠢ ᠳᠠᠭᠤᠳᠠᠵᠤ ᠰᠡᠷᠢᠭᠡᠭᠰᠡᠨ
ᠭᠡᠭᠡᠨ
ᠥᠷᠯᠥᠭᠡ ᠰᠠᠢᠨ ᠪᠠᠶ᠋ᠢᠨ᠎ᠠ ᠦᠦ?
ᠨᠠᠷᠠᠨ ᠤ ᠭᠡᠷᠡᠯ ᠳᠦ ᠭᠢᠯᠠᠯᠵᠠᠭᠰᠠᠨ
ᠭᠡᠭᠡᠪᠴᠢ
ᠴᠣᠩᠬᠣ ᠨᠤᠭᠤᠳ ᠰᠠᠢᠨ ᠪᠠᠶ᠋ᠢᠨ᠎ᠠ ᠦᠦ?
ᠡᠩᠬᠦᠷᠡᠢ ᠬᠠᠶ᠋ᠢᠷ᠎ᠠ ᠪᠠᠷ ᠢᠪᠡᠭᠡᠭᠰᠡᠨ ᠡᠵᠢ ᠡ ᠠᠪᠤ ᠠ᠋ ᠰᠠᠢᠨ ᠪᠠᠶ᠋ᠢᠨ᠎ᠠ ᠦᠦ?
ᠤᠨᠲᠠᠬᠤ
ᠨᠣᠶ᠋ᠢᠷᠠᠨ ᠠ᠋ᠴᠠ ᠰᠡᠷᠢᠭᠡ ᠦᠭᠡᠢ ᠬᠥᠭᠡᠷᠦᠬᠦᠨ ᠳᠡᠭᠦᠦ ᠮᠢᠨᠢ ᠰᠠᠢᠨ ᠪᠠᠶ᠋ᠢᠨ᠎ᠠ ᠦᠦ?
ᠤᠷᠭᠤᠬᠤ
ᠨᠠᠷᠠᠨ ᠤ ᠲᠤᠶᠠᠭ᠎ᠠ ᠰᠢᠭ᠋ ᠤᠯᠠᠭᠠᠨ ᠪᠦᠴᠡ ᠮᠢᠨᠢ ᠰᠠᠢᠨ ᠪᠠᠶ᠋ᠢᠨ᠎ᠠ ᠦᠦ?
ᠰᠢᠷᠡᠭᠡᠨ
ᠳᠡᠭᠡᠷ᠎ᠡ ᠳᠡᠯᠭᠡᠭᠡᠲᠡᠢ ᠰᠢᠨᠡᠬᠡᠨ ᠨᠣᠮ ᠮᠢᠨᠢ ᠰᠠᠢᠨ ᠪᠠᠶ᠋ᠢᠨ᠎ᠠ ᠦᠦ?
ᠨᠣᠭᠣᠭᠠᠨ
ᠨᠠᠪᠴᠢ ᠪᠠᠨ ᠳᠡᠯᠭᠡᠭᠰᠡᠨ ᠤᠯᠢᠶᠠᠰᠤ ᠮᠣᠳᠣᠳ ᠰᠠᠢᠨ ᠪᠠᠶ᠋ᠢᠨ᠎ᠠ ᠦᠦ?
ᠵᠦᠯᠭᠡ
ᠮᠣᠳᠣ ᠪᠠᠨ ᠤᠰᠤᠯᠠᠭᠰᠠᠨ ᠪᠤᠭᠤᠷᠤᠯ ᠡᠭᠡᠴᠢ ᠡ ᠰᠠᠢᠨ ᠪᠠᠶ᠋ᠢᠨ᠎ᠠ ᠦᠦ?
ᠵᠠᠮ ᠤᠨ
ᠭᠣᠣᠯ ᠢᠶ᠋ᠠᠷ ᠠᠯᠬᠤᠯᠠᠭᠰᠠᠨ ᠴᠠᠭᠳᠠᠭ᠎ᠠ ᠠᠬ᠎ᠠ ᠰᠠᠢᠨ ᠪᠠᠶ᠋ᠢᠨ᠎ᠠ ᠦᠦ?
ᠲᠦᠮᠡᠨ
ᠲᠥᠯ ᠢᠶ᠋ᠡᠷ ᠠᠷᠪᠢᠵᠢᠬᠰᠠᠨ ᠪᠤᠮᠠᠨ ᠰᠦᠷᠦᠭ ᠦᠳ ᠰᠠᠢᠨ ᠪᠠᠶ᠋ᠢᠨ᠎ᠠ ᠦᠦ?
ᠪᠠᠶᠠᠨ
ᠲᠠᠯ᠎ᠠ ᠳᠤ ᠪᠠᠨ ᠴᠡᠩᠭᠡᠯᠲᠡᠢ ᠪᠠᠭᠠᠲᠤᠷ ᠮᠠᠯᠴᠢᠨ ᠰᠠᠢᠨ ᠪᠠᠶ᠋ᠢᠨ᠎ᠠ ᠦᠦ?
ᠬᠦᠯᠦᠭ
ᠮᠣᠷᠢ ᠨᠢ ᠤᠷᠤᠯᠳᠤᠭᠰᠠᠨ ᠬᠥᠨᠳᠡᠢ ᠴᠠᠶ᠋ᠢᠳᠠᠮ ᠤᠳ ᠰᠠᠢᠨ ᠪᠠᠶ᠋ᠢᠨ᠎ᠠ ᠦᠦ?
ᠬᠦᠴᠦᠲᠦ
ᠳᠣᠬᠢᠶ᠎ᠠ ᠬᠠᠩᠭᠢᠨᠠᠭᠰᠠᠨ ᠢᠯᠴᠢᠲᠦ ᠲᠡᠷᠭᠡ ᠰᠠᠢᠨ ᠪᠠᠶ᠋ᠢᠨ᠎ᠠ ᠦᠦ?
ᠨᠠᠮ᠎ᠠ ᠶ᠋ᠢ
ᠲᠣᠰᠤᠭᠠᠳ ᠢᠷᠡᠵᠦ ᠶᠠᠪᠤᠭ᠎ᠠ ᠫᠧᠤᠨᠧᠷ ᠨᠠᠶ᠋ᠢᠵᠠ ᠰᠠᠢᠨ ᠪᠠᠶ᠋ᠢᠨ᠎ᠠ ᠦᠦ?
ᠡᠷᠳᠡᠮ ᠦᠨ
ᠳᠠᠯᠠᠢ ᠳᠤ ᠠᠶᠠᠯᠠᠭᠤᠯᠤᠭᠰᠠᠨ ᠮᠢᠨᠦ ᠰᠤᠷᠭᠠᠭᠤᠯᠢ ᠰᠠᠢᠨ ᠪᠠᠶ᠋ᠢᠨ᠎ᠠ ᠦᠦ?
